ᠤᠷᠠᠨ ᠳᠠᠷᠬᠠᠨ ᠭᠦᠨᠵᠡᠨ
1948 ᠣᠨ ᠤ ᠳᠣᠯᠣᠳᠤᠭᠠᠷ ᠰᠠᠷ᠎ᠠ ᠶᠢᠨ ᠣᠷᠴᠢᠮ ᠳᠤ ᠲᠡᠷᠡ ᠦᠶ᠎ᠡ ᠶᠢᠨ ᠤᠪᠰᠣ ᠠᠶᠢᠮᠠᠭ ᠤᠨ ᠳᠠᠷᠤᠭ᠎ᠠ᠂ ᠲᠦᠷᠭᠡᠨ ᠰᠤᠮᠤ ᠶᠢᠨ ᠳᠡᠯᠭᠡᠷᠮᠥᠶᠢᠷᠡᠨ ᠪᠠᠭ᠂ ᠲᠡᠭᠦᠰᠪᠤᠶᠠᠨᠲᠤ ᠶᠢᠨ ᠬᠦᠷᠢᠶᠡᠨ ᠦ ︵ ᠬᠠᠷᠠᠯᠠᠭ ︶ ᠡᠩ ᠦᠨ ᠠᠷᠠᠳ ᠥᠭᠭᠦᠳᠡᠢ ᠣᠪᠣᠭ ᠲᠠᠢ ᠭᠦᠨᠵᠡᠨ ᠢ ᠠᠶᠢᠮᠠᠭ ᠲᠤ ᠳᠠᠭᠤᠳᠠᠭᠰᠠᠨ ᠵᠠᠷ ᠪᠢᠴᠢᠭ ᠢᠷᠡᠵᠡᠢ᠃ ᠲᠡᠷᠡ ᠦᠶ᠎ᠡ ᠳᠦ ᠠᠶᠢᠮᠠᠭ ᠤᠨ ᠶᠠᠮᠤ ᠭᠡᠳᠡᠭ ᠭᠠᠵᠠᠷ ᠳᠠᠭᠤᠳᠠᠭᠳᠠᠭᠰᠠᠨ ᠬᠦᠮᠦᠨ ᠪᠠᠷᠤᠭᠲᠠᠢ ᠳ᠋ᠤ ᠡᠷᠭᠢᠵᠦ ᠢᠷᠡᠳᠡᠭ ᠦᠭᠡᠢ ᠶᠢ ᠮᠡᠳᠡᠬᠦ ᠨᠤᠲᠤᠭ ᠨᠤᠭᠤ ᠶᠢᠨ ᠬᠢᠨ ᠪᠣᠯᠤᠨ ᠥ᠊ ∙ ᠭᠦᠨᠵᠡᠨ ᠤ ᠭᠡᠷ ᠪᠦᠯᠢ ᠠᠶᠤᠨ ᠲᠦᠭᠰᠢᠵᠦ ᠪᠠᠯᠮᠠᠭᠳᠠᠵᠤ ᠪᠠᠶᠢᠭᠰᠠᠨ ᠭᠡᠳᠡᠭ᠃
8830
2018-12-24 20:43
发表于:内蒙古
1948 ᠣᠨ ᠤ ᠳᠣᠯᠣᠳᠤᠭᠠᠷ ᠰᠠᠷ᠎ᠠ ᠶᠢᠨ ᠣᠷᠴᠢᠮ ᠳᠤ ᠲᠡᠷᠡ ᠦᠶ᠎ᠡ ᠶᠢᠨ ᠤᠪᠰᠣ ᠠᠶᠢᠮᠠᠭ ᠤᠨ ᠳᠠᠷᠤᠭ᠎ᠠ᠂ ᠲᠦᠷᠭᠡᠨ ᠰᠤᠮᠤ ᠶᠢᠨ ᠳᠡᠯᠭᠡᠷᠮᠥᠶᠢᠷᠡᠨ ᠪᠠᠭ᠂ ᠲᠡᠭᠦᠰᠪᠤᠶᠠᠨᠲᠤ ᠶᠢᠨ ᠬᠦᠷᠢᠶᠡᠨ ᠦ ︵ ᠬᠠᠷᠠᠯᠠᠭ ︶ ᠡᠩ ᠦᠨ ᠠᠷᠠᠳ ᠥᠭᠭᠦᠳᠡᠢ ᠣᠪᠣᠭ ᠲᠠᠢ ᠭᠦᠨᠵᠡᠨ ᠢ ᠠᠶᠢᠮᠠᠭ ᠲᠤ ᠳᠠᠭᠤᠳᠠᠭᠰᠠᠨ ᠵᠠᠷ ᠪᠢᠴᠢᠭ ᠢᠷᠡᠵᠡᠢ᠃ ᠲᠡᠷᠡ ᠦᠶ᠎ᠡ ᠳᠦ ᠠᠶᠢᠮᠠᠭ ᠤᠨ ᠶᠠᠮᠤ ᠭᠡᠳᠡᠭ ᠭᠠᠵᠠᠷ ᠳᠠᠭᠤᠳᠠᠭᠳᠠᠭᠰᠠᠨ ᠬᠦᠮᠦᠨ ᠪᠠᠷᠤᠭᠲᠠᠢ ᠳ᠋ᠤ ᠡᠷᠭᠢᠵᠦ ᠢᠷᠡᠳᠡᠭ ᠦᠭᠡᠢ ᠶᠢ ᠮᠡᠳᠡᠬᠦ ᠨᠤᠲᠤᠭ ᠨᠤᠭᠤ ᠶᠢᠨ ᠬᠢᠨ ᠪᠣᠯᠤᠨ ᠥ᠊ ∙ ᠭᠦᠨᠵᠡᠨ ᠤ ᠭᠡᠷ ᠪᠦᠯᠢ ᠠᠶᠤᠨ ᠲᠦᠭᠰᠢᠵᠦ ᠪᠠᠯᠮᠠᠭᠳᠠᠵᠤ ᠪᠠᠶᠢᠭᠰᠠᠨ ᠭᠡᠳᠡᠭ᠃
ᠳᠠᠭᠤᠳᠠᠭᠳᠠᠭᠰᠠᠨ ᠥ᠊ ∙ ᠭᠦᠨᠵᠡᠨ ᠤᠷᠠᠨ ᠳᠠᠷᠬᠠᠨ ᠬᠦᠮᠦᠨ ᠪᠠᠶᠢᠭᠰᠠᠨ ᠪᠠᠶᠢᠨ᠎ᠠ᠃ ᠠᠶᠢᠮᠠᠭ ᠲᠤ ᠣᠴᠢᠬᠤ ᠳᠤ ᠲᠡᠷᠡ ᠦᠶ᠎ᠡ ᠶᠢᠨ ᠠᠶᠢᠮᠠᠭ ᠤᠨ ᠳᠠᠷᠤᠭ᠎ᠠ ᠥ᠊ ∙ ᠭᠦᠨᠵᠡᠨ ᠭᠤᠸᠠᠢ ᠶᠢ ᠮᠠᠰᠢ ᠬᠦᠨᠳᠦᠳᠬᠡᠯᠲᠡᠢ ᠬᠦᠯᠢᠶᠡᠨ ᠠᠪᠴᠤ ᠠᠭᠤᠯᠵᠠᠭᠠᠳ 《ᠲᠠ ᠮᠣᠩᠭᠣᠯ ᠤᠨ ᠨᠠᠮ ᠲᠥᠷᠥ ᠶᠢᠨ ᠨᠡᠷ᠎ᠡ ᠶᠢᠨ ᠡᠮᠦᠨ᠎ᠡ ᠡᠴᠡ ᠨᠢᠭᠡᠨ ᠲᠣᠮᠣ ᠦᠢᠯᠡ ᠪᠦᠲᠦᠭᠡᠵᠦ ᠥᠭᠭᠦᠨ᠎ᠡ ᠦᠦ》 ᠭᠡᠳ ᠡᠨᠡ ᠳᠠᠭᠠᠭᠠᠯᠭᠠᠪᠤᠷᠢ ᠪᠣᠯ ᠮᠠᠰᠢ ᠬᠠᠷᠢᠭᠤᠴᠠᠯᠭ᠎ᠠ ᠲᠠᠢ ᠬᠠᠨᠳᠤᠬᠤ ᠲᠣᠮᠣ ᠦᠢᠯᠡ ᠬᠡᠷᠡᠭ ᠭᠡᠵᠡᠢ᠃
ᠢᠩᠭᠢᠭᠡᠳ ᠲᠠᠨ ᠢ ᠮᠠᠰᠢ ᠰᠠᠶᠢᠨ ᠤᠷ᠎ᠠ ᠤᠬᠠᠭᠠᠨ ᠭᠦᠶᠦᠯᠭᠡᠭᠰᠡᠨ ᠮᠣᠩᠭᠣᠯ ᠬᠡᠲᠡ ᠬᠢᠲᠤᠭ᠎ᠠ᠂ ᠲᠠᠮᠠᠭ᠎ᠠ ᠲᠡᠮᠳᠡᠭ᠂ ᠡᠮᠡᠭᠡᠯ᠂ ᠬᠠᠵᠠᠭᠠᠷ᠂ ᠴᠣᠣᠵᠢ᠂ ᠲᠦᠯᠬᠢᠭᠦᠷ᠂ ᠪᠤᠷᠬᠠᠨ ᠪᠠᠷᠢᠮᠠᠯ ᠢ ᠳᠡᠭᠡᠳᠦ ᠵᠡᠷᠭᠡ ᠶᠢᠨ ᠤᠷ᠎ᠠ ᠬᠢᠴᠡ ᠲᠡᠢ ᠬᠢᠵᠦ ᠴᠢᠳᠠᠳᠠᠭ ᠤᠷ᠎ᠠ ᠲᠠᠢ ᠭᠡᠵᠦ ᠰᠣᠨᠣᠰᠤᠭᠰᠠᠨ᠃ ᠲᠠ ᠵᠢᠷᠭᠤᠭᠠᠨ ᠰᠠᠷ᠎ᠠ ᠶᠢᠨ ᠳᠣᠲᠣᠷ᠎ᠠ ᠬᠡᠨ ᠦ ᠴᠤ ᠰᠠᠨᠠᠭᠠᠨ ᠳᠤ ᠨᠡᠶᠢᠴᠡᠬᠦ᠂ ᠲᠡᠭᠡᠭᠰᠡᠨ ᠠᠲᠠᠯ᠎ᠠ ᠪᠠᠨ ᠮᠣᠩᠭᠣᠯ ᠦᠨᠳᠦᠰᠦᠨ ᠦ ᠣᠨᠴᠠᠯᠢᠭ ᠰᠢᠨᠵᠢ ᠠᠭᠤᠯᠣᠭᠰᠠᠨ ᠬᠡᠯᠪᠡᠷᠢ ᠬᠢᠴᠡ᠂ ᠤᠷ᠎ᠠ ᠰᠠᠶᠢᠲᠠᠢ ᠨᠢᠭᠡᠨ ᠪᠦᠲᠦᠭᠡᠯ ᠬᠢᠵᠦ ᠪᠡᠯᠡᠳᠦᠨ᠎ᠡ ᠦᠦ᠃ ᠡᠨᠡ ᠪᠦᠲᠦᠭᠡᠯ ᠢ ᠠᠭᠤᠤ ᠣᠷᠣᠰ ᠤᠨ ᠤᠳᠤᠷᠢᠳᠤᠭᠴᠢᠳ ᠲᠤ ᠮᠠᠨ ᠤ ᠨᠠᠮ ᠲᠥᠷᠦ ᠶᠢᠨ ᠤᠳᠤᠷᠢᠳᠤᠭᠴᠢ ᠬ ∙ ᠴᠣᠶᠢᠪᠠᠯᠰᠠᠩ ᠠᠴᠠ ᠪᠡᠯᠡᠭ ᠪᠣᠯᠭᠠᠬᠤ ᠤᠴᠢᠷᠲᠠᠢ ᠵᠦᠢᠯ ᠰᠢᠦ᠃
ᠲᠠᠨ ᠠᠴᠠ ᠡᠨᠡ ᠪᠦᠲᠦᠭᠡᠯ ᠢ ᠲᠠᠪᠤᠨ ᠰᠠᠷ᠎ᠠ ᠶᠢᠨ ᠳᠠᠷᠠᠭ᠎ᠠ ᠣᠴᠢᠵᠤ ᠠᠪᠤᠨ᠎ᠠ᠂ ᠦᠨ᠎ᠡ ᠬᠥᠯᠥᠰᠥ ᠬᠠᠩᠭᠠᠯᠲᠠᠲᠠᠢ ᠥᠭᠭᠦᠨ᠎ᠡ ᠭᠡᠵᠦ ᠡᠭᠦᠷᠭᠡᠳᠡᠬᠦ ᠭᠤᠶᠤᠬᠤ ᠶᠢᠨ ᠵᠠᠪᠰᠠᠷ ᠤᠴᠢᠷᠯᠠᠵᠠᠢ᠃ ᠠᠶᠢᠮᠠᠭ ᠤᠨ ᠶᠠᠮᠤᠨ ᠳᠤ ᠳᠠᠭᠤᠳᠠᠭᠳᠠᠵᠤ ᠠᠶᠤᠵᠤ ᠪᠠᠯᠠᠮᠠᠭᠳᠠᠭᠰᠠᠨ ᠭᠦᠨᠵᠡᠨ ᠭᠤᠸᠠᠢ ᠰᠠᠨᠠᠭ᠎ᠠ ᠠᠮᠠᠷᠠᠵᠤ᠂ ᠶᠠᠭᠤ ᠬᠢᠬᠦ ᠪᠡᠨ ᠪᠣᠳᠣᠵᠤ ᠲᠥᠯᠦᠪᠯᠡᠨ ᠠᠷᠤ ᠭᠡᠷ ᠲᠦ ᠪᠡᠨ ᠬᠠᠷᠢᠬᠤ ᠵᠠᠮ ᠳᠤ ᠪᠠᠨ ᠲᠠᠪᠤᠨ ᠲᠦᠯᠬᠢᠭᠦᠷ ᠢᠶᠡᠷ ᠨᠡᠭᠡᠭᠡᠭᠳᠡᠳᠡᠭ ᠮᠣᠩᠭᠣᠯ ᠴᠣᠣᠵᠢ ᠬᠢᠶ᠎ᠡ ᠭᠡᠵᠦ ᠰᠢᠢᠳᠥᠭᠰᠡᠨ ᠭᠡᠳᠡᠭ᠃
ᠨᠢᠭᠡᠨᠲᠡ ᠠᠶᠢᠮᠠᠭ ᠤᠨ ᠳᠠᠷᠤᠭ᠎ᠠ ᠭᠤᠶᠤᠵᠤ ᠬᠦᠰᠡᠭᠰᠡᠨ᠂ ᠨᠥᠭᠥᠭᠡ ᠲᠠᠯ᠎ᠠ ᠪᠠᠷ ᠣᠷᠣᠰ ᠤᠳᠤᠷᠢᠳᠤᠭᠴᠢᠳ ᠲᠤ ᠪᠡᠯᠡᠭᠯᠡᠬᠦ ᠮᠠᠰᠢ ᠨᠠᠨᠳᠢᠨ ᠵᠦᠢᠯ ᠪᠦᠲᠦᠭᠡᠬᠦ ᠡᠭᠦᠷᠭᠡ ᠠᠪᠤᠭᠰᠠᠨ ᠳᠠᠷᠬᠠᠨ ᠭᠦᠨᠵᠡᠨ ᠣᠯᠠᠨ ᠵᠦᠢᠯ ᠦᠨ ᠤᠷ᠎ᠠ ᠬᠢᠴᠡ᠂ ᠤᠬᠠᠭᠠᠨ ᠪᠢᠯᠢᠭ ᠱᠠᠭᠠᠷᠳᠠᠭᠰᠠᠨ ᠬᠡᠳᠦ ᠬᠡᠳᠦᠨ ᠪᠦᠲᠦᠭᠡᠯ ᠬᠢᠵᠦ ᠪᠡᠯᠡᠳᠦᠭᠰᠡᠨ ᠦ ᠨᠢᠭᠡ ᠨᠢ ᠲᠠᠪᠤᠨ ᠲᠦᠯᠬᠢᠭᠦᠷ ᠢᠶᠡᠷ ᠨᠡᠭᠡᠭᠡᠭᠳᠡᠳᠡᠭ ᠮᠣᠩᠭᠣᠯ ᠤᠨ ᠭᠠᠵᠠᠷ ᠤᠨ ᠵᠢᠷᠤᠭ ᠤᠨ ᠳᠦᠷᠰᠦ ᠲᠡᠢ ᠴᠣᠣᠵᠢ ᠨᠢ ᠳᠡᠭᠡᠳᠦᠰ ᠲᠦ ᠲᠠᠭᠠᠯᠠᠭᠳᠠᠵᠤ ᠠᠭᠤᠤ ᠸ ∙ ᠢ᠊ ∙ ᠰᠲ᠋ᠠᠯᠢᠨ ᠳᠤ ᠪᠡᠯᠡᠭᠯᠡᠭᠰᠡᠨ ᠪᠠᠶᠢᠨ᠎ᠠ᠃
ᠡᠨᠡ ᠲᠡᠦᠬᠡᠨ ᠴᠣᠣᠵᠢ ᠶᠢ ᠣᠳᠣ ᠪᠣᠯᠲᠠᠯ᠎ᠠ ᠬᠡᠨ ᠴᠤ ᠨᠡᠭᠡᠭᠡᠵᠦ ᠣᠩᠭᠣᠶᠢᠯᠭᠠᠵᠤ ᠴᠢᠳᠠᠭ᠎ᠠ ᠦᠭᠡᠢ ᠭᠡᠨ᠎ᠡ᠃ ᠴᠣᠣᠵᠢ ᠶᠢᠨ ᠬᠣᠶᠢᠨᠠ 1949 ᠥ᠊ ᠊ ᠭ ᠭᠡᠰᠡᠨ ᠪᠠᠶᠢᠬᠤ ᠪᠠ ᠰ ᠊ ᠪᠠᠶᠠᠷ ᠣᠷᠣᠰ ᠬᠣᠯᠪᠣᠭᠠᠨ ᠤ ᠤᠯᠤᠰ ᠲᠤ ᠡᠯᠴᠢᠨ ᠰᠠᠶᠢᠳ ᠪᠠᠶᠢᠬᠤ ᠳᠤ ᠣᠷᠣᠰ ᠲᠡᠦᠬᠡ ᠳᠤᠷᠠᠰᠬᠠᠯ ᠤᠨ ᠮᠦᠽᠧᠢ ᠶᠢᠨ ᠦᠵᠡᠮᠦᠷᠢ ᠡᠴᠡ ᠡᠨᠡ ᠴᠣᠣᠵᠢ ᠶᠢᠨ ᠵᠢᠷᠤᠭ ᠢ ᠡᠬᠡ ᠵᠠᠭᠪᠤᠷ ᠢᠶᠠᠷ ᠨᠢ ᠠᠪᠴᠢᠷᠠᠭᠰᠠᠨ ᠪᠣᠯᠤᠨ᠎ᠠ᠃ ᠮᠣᠩᠭᠣᠯ ᠲᠡᠷᠡ ᠲᠤᠰᠤᠮ ᠢᠶᠠᠨ ᠪᠠᠷᠠᠭᠤᠨ ᠮᠣᠩᠭᠣᠯ ᠤᠨ ᠠᠯᠳᠠᠷᠲᠤ ᠳᠠᠷᠬᠠᠨ ᠥ᠊ ∙ ᠭᠦᠨᠵᠡᠨ ᠠᠭᠰᠠᠨ ᠤ ᠬᠢᠭᠰᠡᠨ ᠣᠨᠢᠰᠤᠨ ᠬᠠᠶᠢᠷᠴᠠᠭ᠂ ᠬᠡᠲᠡ ᠬᠢᠲᠤᠭ᠎ᠠ᠂ ᠴᠣᠣᠵᠢ᠂ ᠲᠦᠯᠬᠢᠭᠦᠷ᠂ ᠠᠯᠲᠠ᠂ ᠮᠥᠩᠭᠥᠨ ᠲᠠᠮᠠᠭ᠎ᠠ ᠶᠢᠨ ᠬᠠᠶᠢᠷᠴᠠᠭ᠂ ᠪᠡᠶ᠎ᠡ ᠪᠡᠶ᠎ᠡ ᠳ᠋ᠡᠭᠡᠨ ᠣᠷᠣᠵᠤ ᠪᠡᠬᠢᠯᠡᠭᠳᠡᠳᠡᠭ 12 ᠰᠢᠷᠬᠡᠭ ᠮᠥᠩᠭᠥᠨ ᠠᠶᠠᠭ᠎ᠠ᠂ ᠡᠮᠡᠭᠡᠯ᠂ ᠬᠠᠵᠠᠭᠠᠷ ᠭᠡᠳ ᠣᠶᠢᠷᠠᠳ ᠤᠨ ᠠᠷᠠᠳ ᠲᠦᠮᠡᠨ ᠳᠦ ᠬᠠᠳᠠᠭᠠᠯᠠᠭᠳᠠᠨ ᠦᠯᠡᠳᠡᠭᠰᠡᠨ ᠲᠡᠦᠬᠡ ᠶᠢᠨ ᠦᠨᠡᠲᠦ ᠪᠦᠲᠦᠭᠡᠯ ᠨᠢ ᠦᠨᠡᠬᠡᠷ ᠭᠠᠶᠢᠬᠠᠮᠰᠢᠭ ᠤᠨ ᠤᠷ᠎ᠠ ᠬᠢᠴᠡ᠂ ᠤᠬᠠᠭᠠᠨ ᠵᠠᠷᠤᠵᠤ ᠪᠦᠲᠦᠭᠡᠭᠰᠡᠨ ᠤᠷᠲᠤ ᠡᠳ᠋ᠯᠡᠭᠡ ᠲᠡᠢ᠂ ᠴᠢᠨᠠᠷ᠂ ᠥᠩᠭᠡ᠂ ᠬᠢᠴᠡ ᠰᠠᠶᠢᠲᠠᠢ ᠡᠳ᠋ ᠥᠯᠥᠭ᠌ ᠤᠨ ᠵᠦᠢᠯᠡᠰ ᠤᠪᠰᠣ ᠨᠤᠲᠤᠭ ᠤᠨ ᠠᠬᠠᠮᠠᠳ ᠦᠶ᠎ᠡ ᠶᠢᠨ ᠬᠢᠨ ᠳᠦ ᠮᠥᠩᠬᠡ ᠶᠢᠨ ᠳᠤᠷᠠᠰᠬᠠᠯ ᠪᠣᠯᠵᠣ ᠬᠦᠨᠳᠦᠳᠬᠡᠯ ᠲᠡᠢ ᠪᠡᠷ ᠬᠠᠳᠠᠭᠠᠯᠠᠭᠳᠠᠵᠤ ᠪᠠᠶᠢᠳᠠᠭ ᠶᠤᠮ᠃
ᠭᠠᠭᠴᠠᠬᠠᠨ ᠪᠠᠷᠢᠮᠲᠠ ᠬᠡᠯᠡᠬᠦ ᠳᠦ᠂ ᠭᠦᠨᠵᠡᠨ ᠤ ᠬᠢᠭᠰᠡᠨ ᠬᠠᠭᠠᠯᠭ᠎ᠠ ᠬᠠᠭᠠᠭᠳᠠᠵᠤ᠂ ᠨᠡᠭᠡᠭᠡᠭᠳᠡᠬᠦ ᠳᠦ ᠪᠡᠨ ᠳᠠᠭᠤ ᠠᠪᠢᠶ᠎ᠠ ᠭᠠᠷᠭᠠᠵᠤ᠂ ᠰᠠᠶᠢᠬᠠᠨ ᠠᠶ᠎ᠠ ᠡᠭᠡᠰᠢᠭ ᠣᠷᠣᠭᠰᠠᠨ ᠭᠠᠷᠤᠭᠰᠠᠨ ᠬᠦᠮᠦᠰ ᠲᠦ ᠰᠣᠨᠣᠰᠤᠭᠳᠠᠳᠠᠭ ᠪᠠᠶᠢᠭᠰᠠᠨ ᠭᠡᠬᠦ ᠲᠡᠦᠬᠡᠨ ᠠᠮᠠ ᠶᠠᠷᠢᠶ᠎ᠠ ᠡᠳᠦᠢ ᠬᠦᠷᠲᠡᠯ᠎ᠡ ᠬᠠᠳᠠᠭᠠᠯᠠᠭᠳᠠᠨ ᠪᠠᠶᠢᠨ᠎ᠠ᠃ ᠨᠢᠭᠤᠴᠠ ᠨᠢ ᠲᠠᠶᠢᠯᠤᠭᠳᠠᠭ᠎ᠠ ᠦᠭᠡᠢ ᠮᠣᠩᠭᠣᠯ ᠴᠣᠣᠵᠢᠨ ᠤ ᠨᠢᠭᠤᠴᠠ ᠡᠳᠦᠢ ᠪᠣᠯᠲᠠᠯ᠎ᠠ ᠲᠠᠶᠢᠯᠤᠭᠳᠠᠭ᠎ᠠ ᠦᠭᠡᠢ ᠬᠠᠷᠢ ᠶᠢᠨ ᠨᠤᠲᠤᠭ ᠤᠨ ᠠᠯᠲᠠᠨ ᠦᠵᠡᠮᠦᠷᠢ ᠳᠦ ᠮᠣᠩᠭᠣᠯ ᠬᠦᠮᠦᠨ ᠦ ᠤᠷ᠎ᠠ ᠤᠬᠠᠭᠠᠨ ᠢ ᠢᠯᠡᠳᠬᠡᠨ ᠯᠠᠩᠭᠤᠢ ᠳ᠋ᠤ ᠪᠠᠶᠢᠷᠢ ᠪᠠᠨ ᠡᠵᠡᠯᠡᠨ ᠪᠤᠰᠤᠳ ᠤᠨ ᠨᠢᠳᠦ ᠶᠢ ᠬᠤᠵᠢᠷᠯᠠᠨ ᠪᠠᠶᠢᠭ᠎ᠠ ᠪᠢᠴᠢᠬᠠᠨ ᠲᠡᠦᠬᠡ ᠡᠶᠢᠮᠦ ᠪᠤᠶᠤ᠃
ᠴ ᠊ ᠢᠳᠠᠮᠰᠦ᠋ᠷᠦᠩ
4
0