ᠬᠢᠲᠠᠳ ᠤᠨ ᠲᠡᠷᠢᠭᠦᠨ ᠬᠠᠲᠤᠭᠲᠠᠢ ᠫᠸᠩ ᠯᠢ ᠶᠤᠸᠠᠨ ᠤ ᠡᠮᠡᠭᠲᠡᠶᠢᠴᠦᠳ ᠲᠦ ᠪᠡᠨ ᠬᠠᠨᠳᠤᠨ ᠬᠡᠯᠡᠭᠰᠡᠨ ᠦᠭᠡᠰ
ᠬᠢᠲᠠᠳ ᠤᠨ ᠲᠡᠷᠢᠭᠦᠨ ᠬᠠᠲᠤᠭᠲᠠᠢ ᠫᠸᠩ ᠯᠢ ᠶᠤᠸᠠᠨ ᠤ ᠡᠮᠡᠭᠲᠡᠶᠢᠴᠦᠳ ᠲᠦ ᠪᠡᠨ ᠬᠠᠨᠳᠤᠨ ᠬᠡᠯᠡᠭᠰᠡᠨ ᠦᠭᠡᠰ
9924
2019-01-05 13:46
发表于:内蒙古
ᠬᠢᠲᠠᠳ ᠤᠨ ᠲᠡᠷᠢᠭᠦᠨ ᠬᠠᠲᠤᠭᠲᠠᠢ ᠫᠸᠩ ᠯᠢ ᠶᠤᠸᠠᠨ ᠤ ᠡᠮᠡᠭᠲᠡᠶᠢᠴᠦᠳ ᠲᠦ ᠪᠡᠨ ᠬᠠᠨᠳᠤᠨ ᠬᠡᠯᠡᠭᠰᠡᠨ ᠦᠭᠡᠰ
ᠡᠮᠡᠭᠲᠡᠢ ᠬᠦᠮᠦᠨ ᠥᠪᠡᠷ ᠢ ᠪᠡᠨ ᠯᠠ ᠠᠷᠠᠴᠢᠯᠠᠵᠤ ᠴᠢᠳᠠᠪᠠᠯ ᠪᠣᠯᠤᠨ᠎ᠠ
ᠬᠠᠷᠢᠨ ᠶᠠᠭᠤᠨ ᠤ ᠲᠥᠯᠥᠭᠡ ᠡᠷ᠎ᠡ ᠬᠦᠮᠦᠨ ᠢ ᠬᠦᠷᠲᠡᠯ᠎ᠡ ᠠᠷᠠᠴᠢᠯᠠᠬᠤ ᠭᠡᠵᠦ︖
ᠤᠬᠠᠭᠠᠯᠢᠭ ᠡᠷ᠎ᠡ ᠬᠥᠮᠦᠨ ᠳ᠋ᠤ ᠠᠷᠠᠴᠢᠯᠠᠭ᠎ᠠ ᠬᠡᠷᠡᠭ ᠦᠭᠡᠢ
ᠮᠤᠩᠬᠠᠭ ᠡᠷ᠎ᠡ ᠬᠦᠮᠦᠨ ᠢ ᠠᠷᠠᠴᠢᠯᠠᠭᠠᠳ ᠴᠤ ᠨᠡᠮᠡᠷᠢ ᠦᠭᠡᠢ
ᠥᠪᠡᠷ ᠲᠦ ᠲᠠᠨᠢ ᠬᠠᠶᠢᠷᠠᠲᠠᠢ ᠡᠷ᠎ᠡ ᠬᠦᠮᠦᠨ ᠢ ᠠᠷᠠᠴᠢᠯᠠᠬᠤ ᠦᠭᠡᠢ ᠪᠠᠶᠢᠭᠰᠠᠨ ᠴᠤ ᠪᠣᠯᠤᠨ᠎ᠠ
ᠥᠪᠡᠷ ᠲᠦ ᠲᠠᠨᠢ ᠬᠠᠶᠢᠷ᠎ᠠ ᠦᠭᠡᠢ ᠵᠠᠯᠠᠭᠤ ᠶᠢ ᠠᠷᠠᠴᠢᠯᠠᠬᠤ ᠡᠷᠬᠡ ᠲᠠᠨ ᠳᠤ ᠪᠠᠶᠢᠬᠤ ᠦᠭᠡᠢ
ᠲᠡᠶᠢᠮᠦ ᠡᠴᠡ ᠲᠠ ᠡᠮᠡᠭᠲᠡᠢ ᠬᠥᠮᠦᠨ ᠢᠶᠡᠷ ᠢᠶᠡᠨ ᠯᠠ ᠠᠮᠢᠳᠤᠷᠠᠬᠤ ᠳᠤ ᠪᠣᠯᠤᠨ᠎ᠠ᠃
ᠥᠪᠡᠷᠲᠡᠭᠡᠨ ᠬᠥᠷᠥᠩᠭᠡ ᠣᠷᠣᠭᠤᠯᠤᠯᠲᠠ ᠬᠢᠭᠡᠷᠡᠢ
ᠡᠮᠡᠭᠲᠡᠢ ᠬᠦᠮᠦᠨ ᠲᠠ ᠠᠮᠢᠳᠤᠷᠠᠯ ᠤᠨ ᠢᠶᠠᠨ ᠬᠠᠮᠤᠭ ᠤᠨ ᠴᠢᠬᠤᠯᠠ ᠣᠨ ᠵᠢᠯ ᠢᠶᠡᠨ
ᠡᠷ᠎ᠡ ᠬᠥᠮᠦᠨ ᠳᠦ ᠵᠠᠷᠤᠴᠠᠭᠤᠯᠪᠠᠯ ᠲᠠ ᠲᠡᠷᠡᠨ ᠡᠴᠡ ᠬᠣᠶᠢᠰᠢᠬᠢ ᠬᠡᠳᠦᠨ ᠠᠷᠪᠠᠨ ᠵᠢᠯ ᠢ
ᠲᠡᠷᠡ ᠡᠷ᠎ᠡ ᠬᠦᠮᠦᠨ ᠢ ᠲᠠᠨ ᠤ ᠬᠠᠵᠠᠭᠤ ᠠᠴᠠ ᠬᠣᠯᠠᠳᠠᠨ ᠶᠠᠪᠤᠭᠤᠯᠬᠤ ᠦᠭᠡᠢ ᠶᠢᠨ ᠲᠥᠯᠥᠭᠡ ᠬᠢᠴᠢᠶᠡᠬᠦ ᠱᠠᠭᠠᠷᠳᠠᠯᠭ᠎ᠠ ᠲᠠᠢ ᠪᠣᠯᠤᠨ᠎ᠠ
ᠬᠠᠷᠢᠨ ᠲᠡᠷᠡ ᠬᠦ ᠦᠨ᠎ᠡ ᠴᠡᠨ᠎ᠡ ᠲᠡᠢ ᠴᠠᠭ ᠬᠤᠭᠤᠴᠠᠭ᠎ᠠ ᠶᠢ ᠥᠪᠡᠷ ᠦᠨ ᠢᠶᠡᠨ ᠲᠥᠯᠥᠭᠡ ᠵᠠᠷᠤᠴᠠᠭᠤᠯᠪᠠᠯ
ᠲᠠ ᠵᠢᠩᠬᠢᠨᠢ ᠬᠠᠶᠢᠷ᠎ᠠ ᠶᠢ ᠣᠯᠵᠤ ᠠᠪᠴᠤ ᠴᠢᠳᠠᠨ᠎ᠠ
ᠡᠷ᠎ᠡ ᠬᠦᠮᠦᠨ ᠡᠮᠡᠭᠲᠡᠢ ᠬᠦᠮᠦᠨ ᠢ ᠡᠮᠡᠭᠲᠡᠶᠢᠯᠢᠭ ᠪᠠᠶᠢᠬᠤ ᠳᠤ ᠯᠠ ᠥᠪᠡᠷ ᠦᠨ ᠡᠷᠬᠡ ᠦᠭᠡᠢ ᠣᠶᠢᠷᠠᠳᠴᠤ ᠢᠷᠡᠳᠡᠭ ᠤᠴᠢᠷ ᠠᠴᠠ ᠶᠤᠮ
ᠪᠡᠶ᠎ᠡ ᠳᠠᠭᠠᠭᠠᠭᠰᠠᠨ ᠡᠮᠡᠭᠲᠡᠢ ᠪᠣᠯᠤᠭᠠᠷᠠᠢ
ᠰᠠᠩᠬᠦᠦ ᠶᠢᠨ ᠬᠤᠪᠢ ᠳᠤ ᠴᠤ ᠲᠡᠷᠡ᠂ ᠪᠢᠽᠢᠨ᠋ᠧᠰ ᠦᠨ ᠬᠤᠪᠢ ᠳᠤ ᠴᠤ ᠲᠡᠷᠡ
ᠡᠷ᠎ᠡ ᠬᠥᠮᠦᠨ ᠳᠦ ᠲᠦᠰᠢᠬᠦ ᠦᠭᠡᠢ ᠪᠡᠶ᠎ᠡ ᠳᠠᠭᠠᠭᠠᠭᠰᠠᠨ ᠡᠮᠡᠭᠲᠡᠢ ᠬᠦᠮᠦᠨ ᠦᠵᠡᠰᠬᠦᠯᠡᠩᠲᠡᠢ ᠪᠥᠭᠡᠳ ᠳᠤᠷ᠎ᠠ ᠪᠤᠯᠢᠶᠠᠮ᠎ᠠ ᠪᠠᠶᠢᠳᠠᠭ
ᠬᠠᠶᠢᠷ᠎ᠠ ᠨᠢ ᠬᠠᠶᠢᠷᠠᠲᠠᠢ ᠬᠥᠮᠦᠨ ᠢᠶᠡᠨ ᠠᠵᠠ ᠵᠢᠷᠭᠠᠯ ᠲᠠᠢ ᠪᠣᠯᠭᠠᠬᠤ ᠠᠴᠠ ᠪᠢᠰᠢ
ᠬᠠᠶᠢᠷᠠᠲᠠᠢ ᠬᠥᠮᠦᠨ ᠢᠶᠡᠨ ᠠᠵᠠ ᠵᠢᠷᠭᠠᠯ ᠲᠠᠢ ᠪᠣᠯᠭᠠᠬᠤ ᠭᠡᠵᠦ ᠪᠠᠶᠢᠨ᠎ᠠ ᠭᠡᠳ ᠥᠪᠡᠷ ᠢ ᠪᠡᠨ ᠵᠣᠯᠢᠶᠠᠰᠤᠯᠠᠳᠠᠭ ᠵᠦᠢᠯ ᠪᠢᠰᠢ
ᠪᠦᠬᠦ ᠵᠦᠢᠯ ᠢᠶᠡᠨ ᠡᠷ᠎ᠡ ᠬᠦᠮᠦᠨ ᠡᠴᠡ ᠬᠠᠮᠢᠶᠠᠷᠤᠯ ᠲᠠᠢ ᠠᠮᠢᠳᠤᠷᠠᠪᠠᠯ
ᠲᠡᠷᠡ ᠡᠷ᠎ᠡ ᠬᠦᠮᠦᠨ ᠴᠢᠨᠤ ᠬᠤᠪᠢ ᠳᠤ ᠰᠣᠩᠭᠣᠯᠲᠠ ᠶᠢᠨ ᠪᠦᠬᠦ ᠵᠦᠢᠯ ᠪᠠᠶᠢᠬᠤ ᠶᠢ ᠮᠡᠳᠡᠬᠦ ᠦᠭᠡᠢ ᠴᠤ
ᠴᠢ ᠲᠡᠷᠡ ᠡᠷ᠎ᠡ ᠬᠦᠮᠦᠨ ᠦ ᠬᠤᠪᠢ ᠳᠤ ᠰᠣᠩᠭᠣᠯᠲᠠ ᠶᠢᠨ ᠥᠴᠥᠬᠡᠨ ᠬᠡᠰᠡᠭ ᠨᠢ ᠯᠠ ᠪᠠᠶᠢᠬᠤ ᠪᠣᠯᠤᠨ᠎ᠠ
ᠶᠠᠮᠠᠷ ᠴᠤ ᠬᠠᠮᠢᠶ᠎ᠠ ᠦᠭᠡᠢ ᠡᠷ᠎ᠡ ᠬᠦᠮᠦᠨ ᠲᠡᠢ ᠪᠢᠲᠡᠭᠡᠢ ᠠᠭᠤᠯᠵᠠᠭᠠᠷᠠᠢ
ᠤᠶᠢᠳᠴᠤ ᠪᠠᠶᠢᠨ᠎ᠠ ᠭᠡᠳ ᠶᠠᠮᠠᠷ ᠴᠤ ᠬᠠᠮᠢᠶ᠎ᠠ ᠦᠭᠡᠢ ᠡᠷ᠎ᠡ ᠬᠦᠮᠦᠨ ᠲᠡᠢ ᠠᠭᠤᠯᠵᠠᠬᠤ ᠨᠢ
ᠥᠪᠡᠷ ᠲᠦ ᠲᠠᠨᠢ ᠪᠣᠯᠤᠨ ᠲᠡᠷᠡ ᠡᠷ᠎ᠡ ᠬᠥᠮᠦᠨ ᠳ᠋ᠤ ᠬᠣᠶᠠᠭᠤᠯᠠᠨ ᠳᠤ ᠲᠠᠨᠢ ᠲᠡᠭᠰᠢ ᠪᠤᠰᠤ ᠶᠠᠪᠤᠳᠠᠯ ᠶᠤᠮ
ᠲᠠ ᠳᠤᠷ᠎ᠠ ᠦᠭᠡᠢ ᠡᠷ᠎ᠡ ᠬᠥᠮᠦᠨ ᠳᠦ ᠪᠡᠨ ᠲᠠᠲᠠᠭᠠᠯᠵᠠᠵᠤ
ᠥᠪᠡᠷᠲᠡᠭᠡᠨ ᠬᠠᠶᠢᠷ᠎ᠠ ᠦᠭᠡᠢ ᠵᠠᠯᠠᠭᠤ ᠠᠴᠠ ᠬᠣᠯᠠᠳᠠᠭᠠᠷᠠᠢ
ᠬᠡᠨ ᠳᠦ ᠴᠤ ᠲᠣᠭᠣᠭᠳᠠᠬᠤ ᠪᠠᠷ ᠦᠭᠡᠢ ᠬᠦᠮᠦᠨ ᠬᠦᠷᠲᠡᠯ᠎ᠡ ᠬᠣᠣᠰ ᠲᠠᠢ ᠪᠠᠶᠢᠳᠠᠭ ᠬᠠᠤᠯᠢ ᠲᠠᠢ
ᠥᠪᠡᠷ ᠢ ᠲᠠᠨᠢ ᠬᠠᠷᠠᠮᠯᠠᠵᠤ ᠬᠠᠶᠢᠷᠠᠯᠠᠵᠤ ᠴᠢᠳᠠᠬᠤ ᠦᠭᠡᠢ ᠪᠣᠯ
ᠬᠡᠴᠢᠨᠡᠨ ᠶᠡᠬᠡ ᠬᠥᠷᠥᠩᠭᠡ ᠮᠥᠩᠭᠥ᠂ ᠴᠢᠷᠠᠶᠢᠯᠢᠭ ᠰᠠᠶᠢᠬᠠᠨ ᠵᠠᠯᠠᠭᠤ ᠪᠠᠶᠢᠭᠰᠠᠨ ᠴᠤ ᠬᠡᠷᠡᠭ ᠦᠭᠡᠢ
ᠤᠶᠢᠳᠬᠤ ᠳᠤ ᠪᠠᠨ ᠶᠠᠮᠠᠷ ᠴᠤ ᠬᠠᠮᠢᠶ᠎ᠠ ᠦᠭᠡᠢ ᠡᠷ᠎ᠡ ᠬᠦᠮᠦᠨ ᠲᠡᠢ ᠠᠭᠤᠯᠵᠠᠬᠤ ᠶᠢᠨ ᠣᠷᠣᠨ ᠳᠤ
ᠲᠡᠷᠡ ᠴᠠᠭ ᠲᠤ ᠪᠠᠨ ᠪᠡᠶ᠎ᠡ᠂ ᠠᠷᠠᠰᠤ ᠪᠠᠨ ᠠᠷᠠᠴᠢᠯᠠᠵᠤ
ᠰᠠᠶᠢᠨ ᠵᠠᠯᠠᠭᠤ ᠭᠠᠷᠴᠤ ᠢᠷᠡᠪᠡᠯ ᠠᠯᠳᠠᠯ ᠦᠭᠡᠢ ᠪᠠᠷᠢᠵᠤ ᠠᠪᠬᠤ ᠨᠢ ᠢᠯᠡᠭᠦᠦ ᠵᠥᠪ ᠰᠣᠩᠭᠣᠯᠲᠠ ᠶᠤᠮ
ᠨᠣᠮ ᠤᠩᠰᠢᠭᠠᠷᠠᠢ
ᠨᠢᠭᠤᠷ ᠴᠢᠷᠠᠢ ᠪᠠᠷ ᠢᠶᠠᠨ ᠬᠥᠭᠡᠷᠦᠬᠦᠨ ᠪᠠᠶᠢᠯ᠎ᠠ ᠭᠡᠳ ᠦᠵᠡᠰᠬᠦᠯᠡᠩ ᠲᠡᠢ ᠡᠮᠡᠭᠲᠡᠢ ᠪᠢᠰᠢ
ᠰᠤᠷᠴᠤ ᠮᠡᠳᠡᠭᠰᠡᠨ ᠵᠦᠢᠯ ᠦᠭᠡᠢ ᠪᠣᠯ ᠲᠠ ᠮᠤᠯᠭᠤ ᠡᠮᠡᠭᠲᠡᠢ ᠪᠣᠯᠤᠨ᠎ᠠ
ᠨᠣᠮ ᠤᠩᠰᠢᠯ᠎ᠠ ᠭᠡᠳ ᠪᠤᠰᠤᠳ ᠤᠨ ᠡᠮᠦᠨ᠎ᠡ ᠭᠠᠷᠴᠤ ᠭᠠᠶᠢᠬᠠᠭᠤᠯᠬᠤ ᠱᠠᠭᠠᠷᠳᠠᠯᠭ᠎ᠠ ᠪᠠᠶᠢᠬᠤ ᠦᠭᠡᠢ ᠴᠤ
ᠨᠣᠮ ᠤᠩᠰᠢᠪᠠᠯ ᠪᠠᠭ᠎ᠠ ᠳᠤ ᠪᠠᠨ ᠯᠠ ᠲᠠ ᠮᠠᠭᠤ᠂ ᠰᠠᠶᠢᠨ ᠵᠠᠯᠠᠭᠤ ᠮᠥᠨ ᠲᠠᠨ ᠳᠤ ᠬᠠᠶᠢᠷ᠎ᠠ ᠲᠠᠢ᠂ ᠬᠠᠶᠢᠷ᠎ᠠ ᠦᠭᠡᠢ ᠵᠠᠯᠠᠭᠤ ᠶᠢ ᠢᠯᠭᠠᠵᠤ ᠴᠢᠳᠠᠨ᠎ᠠ᠃
ᠳ᠋ᠷᠠᠮ ᠳᠤ ᠤᠷᠠᠯᠢᠭ ᠪᠠᠶᠢᠬᠤ ᠪᠣᠯᠪᠠᠴᠤ
ᠨᠣᠮ ᠳᠤ ᠠᠮᠢᠳᠤᠷᠠᠯ ᠤᠨ ᠲᠤᠷᠰᠢᠯᠭ᠎ᠠ ᠣᠷᠣᠰᠢᠳᠠᠭ ᠶᠤᠮ
ᠦᠵᠡᠰᠬᠦᠯᠡᠩ ᠲᠡᠢ ᠡᠮᠡᠭᠲᠡᠢ ᠪᠣᠯᠤᠭᠠᠷᠠᠢ
ᠳᠡᠯᠡᠬᠡᠢ ᠶᠢᠷᠲᠢᠨᠴᠦ ᠳᠡᠭᠡᠷ᠎ᠡ ᠵᠠᠯᠬᠠᠭᠤ ᠡᠮᠡᠭᠲᠡᠢ ᠪᠠᠶᠢᠬᠤ ᠴᠤ
ᠴᠢᠷᠠᠢ ᠮᠠᠭᠤ ᠲᠠᠢ ᠡᠮᠡᠭᠲᠡᠢ ᠪᠠᠶᠢᠬᠤ ᠦᠭᠡᠢ
ᠬᠡᠴᠢᠨᠡᠨ ᠵᠠᠪ ᠦᠭᠡᠢ ᠪᠠᠶᠢᠭᠰᠠᠨ ᠴᠤ ᠡᠮᠡᠭᠲᠡᠢ ᠬᠦᠮᠦᠨ ᠵᠠᠪᠠᠯ ᠥᠪᠡᠷ ᠢᠶᠡᠨ ᠥᠪᠡᠷ ᠢ ᠪᠡᠨ ᠰᠠᠶᠢᠬᠠᠨ᠂ ᠦᠵᠡᠰᠬᠦᠯᠡᠩ ᠲᠡᠢ ᠪᠠᠶᠢᠯᠭᠠᠬᠤ ᠬᠡᠷᠡᠭᠲᠡᠢ
ᠡᠮᠡᠭᠲᠡᠢ ᠬᠦᠮᠦᠨ ᠪᠣᠬᠢᠷ ᠵᠠᠪᠠᠭᠠᠨ ᠥᠪᠡᠷ ᠢᠶᠡᠨ ᠥᠪᠡᠷ ᠢ ᠪᠡᠨ ᠬᠠᠶᠢᠷᠠᠯᠠᠬᠤ ᠦᠭᠡᠢ ᠪᠣᠯ ᠶᠠᠮᠠᠷ ᠵᠠᠯᠠᠭᠤ ᠲᠡᠷᠡ ᠡᠮᠡᠭᠲᠡᠢ ᠶᠢ ᠬᠠᠶᠢᠷᠠᠯᠠᠬᠤ ᠶᠤᠮ ᠪᠤᠢ︖
ᠡᠮᠡᠭᠲᠡᠢ ᠬᠦᠮᠦᠨ ᠦᠷᠭᠦᠯᠵᠢ ᠥᠪᠡᠷ ᠦᠨ ᠢᠶᠡᠨ ᠭᠠᠳᠠᠭᠠᠳᠤ ᠦᠵᠡᠮᠵᠢᠨ ᠳᠤ ᠠᠩᠬᠠᠷᠬᠤ ᠬᠡᠷᠡᠭᠲᠡᠢ
ᠬᠦᠮᠦᠨ ᠦᠷᠭᠦᠯᠵᠢ ᠥᠪᠡᠷ ᠢᠶᠡᠨ ᠥᠪᠡᠷᠲᠡᠭᠡᠨ ᠬᠠᠲᠠᠭᠤ
ᠪᠤᠰᠤᠳ ᠬᠥᠮᠦᠨ ᠳ᠋ᠤ ᠠᠭᠤᠵᠢᠮ ᠰᠡᠳᠬᠢᠯ ᠢᠶᠡᠷ ᠬᠠᠨᠳᠤᠬᠤ ᠬᠡᠷᠡᠭᠲᠡᠢ᠃
19
4