
︱ ᠠᠷᠪᠠ ᠶᠢᠰᠦᠲᠡᠢ ᠵᠢᠯ ᠡᠴᠡ ᠦᠯᠢᠬᠡᠷ ᠬᠤᠯᠪᠤᠭ᠎ᠠ᠂ ᠠᠷᠠᠳ ᠤᠨ ᠳᠠᠭᠤᠤ ᠵᠡᠷᠭᠡ ᠵᠢ ᠬᠦᠴᠦ ᠲᠠᠯᠪᠢᠨ ᠬᠦᠨ ᠤᠷᠤᠯᠳᠤᠵᠦ ᠡᠬᠢᠯᠡᠵᠡᠢ᠃ ᠲᠡᠷᠡ ᠦᠶ᠎ᠡ ᠳᠤ ᠬᠠᠨ ᠯᠦᠡᠭ ᠭᠡᠭᠴᠢ ᠬᠦᠮᠦᠨ ᠤ ︽ᠰᠧᠷᠢᠨᠭᠪᠦ ᠰᠦᠢ ᠯᠢᠡᠭ︾᠂ ︽ᠴᠠᠭᠠᠨᠪᠠᠷᠰ ᠤᠨ ᠳᠠᠭᠤᠤ︾ ᠵᠡᠷᠭᠡ ᠳᠠᠭᠤᠤ ᠵᠢᠨ ᠴᠤᠮᠤᠭ᠂ ᠰᠤᠷᠢᠨᠵᠢᠨ ᠪᠦᠰᠡ᠂ ᠬᠡᠷᠡᠯᠯᠢᠭ ᠲᠠᠪᠠᠭ ᠵᠡᠷᠭᠡ ᠵᠢ ᠬᠤᠳᠠᠯᠳᠤᠨ ᠠᠪᠴᠦ ᠠᠷᠠᠳ ᠤᠨ ᠳᠠᠭᠤᠤ ᠰᠤᠷᠴᠠᠢ᠃ ᠲᠡᠷᠡ ᠦᠶ᠎ᠡ ᠳᠤ ᠬᠤᠭᠤᠷ ᠲᠠᠲᠠᠵᠦ ᠴᠢᠳᠠᠬᠤ ᠦᠬᠡᠢ ᠤᠴᠢᠷ ᠡᠴᠡ ᠲᠡᠳᠡᠭᠡᠷ ᠳᠠᠭᠤᠤ ᠵᠢ ᠪᠤᠰᠤᠳ ᠤᠨ ᠬᠤᠭᠤᠷ ᠤᠨ ᠠᠶ᠎ᠠ ᠳᠡᠭᠡᠷ᠎ᠡ ᠳᠠᠭᠤᠯᠠᠵᠦ ᠪᠠᠢᠢᠭᠰᠠᠨ᠃ ᠰᠡᠬᠦᠯᠡᠷ ᠨᠢ ᠬᠤᠭᠤᠷ ᠬᠦᠭᠵᠢᠮ ᠳᠤ ᠴᠤ ᠪᠠᠬᠠᠲᠠᠢ ᠪᠤᠯᠵᠦ 20 ᠨᠠᠰᠤᠲᠠᠢ ᠵᠢᠯ ᠳᠤ ᠮᠠᠨ ᠤ ᠨᠤᠲᠤᠭ ᠤᠨ ᠡᠯᠳᠡᠨᠭᠭᠡ ᠬᠡᠬᠦ ᠠᠬᠠᠮᠠᠳ ᠬᠤᠭᠤᠷᠴᠢ ᠵᠢᠨ ᠬᠦᠦ ᠡᠴᠡ ᠨᠢ ᠲᠡᠬᠦᠨ ᠤ ᠬᠤᠭᠤᠷ ᠢ ᠨᠢ ᠵᠢᠬᠡᠯᠡᠵᠦ ᠠᠪᠴᠢᠷᠠᠭᠠᠳ ᠬᠤᠭᠤᠷ ᠰᠤᠷᠬᠤ ᠪᠡᠷ ᠤᠷᠤᠯᠳᠤᠵᠠᠢ᠃ ᠲᠡᠷᠡ ᠡᠯᠳᠡᠨᠭᠬᠡ ᠬᠡᠳᠡᠭ ᠨᠢ ᠪᠠᠰᠠ ᠶᠡᠬᠡ ᠨᠡᠷᠡᠲᠡᠢ ᠬᠤᠭᠤᠷᠴᠢ ᠪᠠᠢᠢᠵᠦ᠂ ᠲᠡᠷᠡ ᠬᠤᠭᠤᠷ ᠵᠢᠡᠷ ᠵᠢᠨᠨ ᠪᠦᠬᠦ ᠭᠡᠷ ᠤᠨ 21 ᠠᠮᠠᠨ ᠲᠤᠭ᠎ᠠ ᠵᠢ ᠲᠡᠵᠢᠬᠡᠵᠦ ᠪᠠᠢᠢᠭᠰᠠᠨ ᠬᠡᠨ᠎ᠡ ᠰᠢᠦ ᠭᠡᠵᠦ ᠸᠠᠡᠭ ᠲᠢᠶᠠᠨ ᠯᠦᠡᠭ ᠰᠤᠷᠪᠤᠯᠵᠢᠯᠠᠭ᠎ᠠ ᠬᠦᠯᠢᠶᠡᠬᠦ ᠳᠡᠭᠡᠨ ᠬᠡᠯᠡᠨ᠎ᠡ᠃ ᠳᠦᠷᠪᠡᠨ ᠤᠳᠠᠰᠤᠲᠤ ᠬᠤᠭᠤᠷ ᠰᠤᠷᠬᠤ ᠪᠡᠷ ᠵᠤᠷᠢᠭ ᠰᠢᠭᠤᠳᠤᠭᠰᠠᠨ ᠸᠠᠡᠭ ᠲᠢᠶᠠᠨ ᠯᠦᠡᠭ ᠠᠢᠢᠯ ᠤᠨ ᠵᠢᠨᠨ ᠬᠤᠭᠤᠷ ᠰᠠᠢᠢᠨ ᠲᠠᠳᠠᠲᠠᠭ ᠦᠷᠭᠡᠨᠬᠠᠲᠠ᠂ ᠵᠤᠤ ᠾᠧ᠂ ᠵᠢᠦ ᠵᠦ ᠮᠡᠲᠦ ᠵᠢᠨ ᠬᠦᠮᠦᠰ ᠢ ᠳᠠᠭᠠᠵᠦ ᠬᠡᠳᠦᠨ ᠰᠠᠷ᠎ᠠ ᠰᠢᠷᠭᠠᠭᠤ ᠴᠢᠷᠮᠠᠢᠢᠭᠰᠠᠨ ᠵᠢᠡᠷ ︽ᠵᠠᠨᠭᠵᠦᠨ ᠪᠠᠢᠢᠯᠳᠤᠬᠤ ᠠᠶ᠎ᠠ︾ ︽ᠭᠠᠳᠠ ᠮᠡᠢᠢᠷᠡᠨ︾ ︽ᠲᠤᠭᠲᠠᠬᠤ ︾ᠵᠡᠷᠭᠡ ᠠᠶ᠎ᠠ ᠵᠢ ᠲᠦᠬᠦᠮ ᠲᠦᠳᠡ ᠲᠠᠳᠠᠵᠦ ᠴᠢᠳᠠᠬᠤ ᠪᠤᠯᠵᠠᠢ ᠃ ᠲᠡᠷᠡ ᠳᠦᠷᠪᠡᠨ ᠤᠳᠠᠰᠤᠲᠤ ᠬᠤᠭᠤᠷ ᠤᠨ ᠶᠡᠬᠡ ᠳᠠᠷᠬᠠᠨ ᠬᠡᠮᠡᠭᠳᠡᠭᠰᠡᠨ ᠲᠡᠭᠰᠢᠳᠦᠬᠦᠷᠡᠡᠭ᠂ ᠠᠬᠠᠮᠠᠳ ᠬᠤᠭᠤᠷᠴᠢ ᠯᠢᠦ ᠱᠢ ᠰᠠᠨ ᠨᠠᠷ ᠢ ᠠᠰᠠᠭᠤᠵᠦ ᠰᠤᠷᠠᠭᠯᠠᠬᠤ ᠳᠤ ᠪᠦᠷ ᠦᠬᠡᠢ ᠪᠤᠯᠤᠭᠰᠠᠨ ᠬᠡᠰᠡᠨ ᠬᠠᠷᠢᠭᠤ ᠤᠯᠵᠦ ᠶᠡᠬᠡᠯ᠎ᠡ ᠬᠠᠷᠠᠮᠰᠠᠵᠠᠢ᠃ ᠲᠡᠭᠡᠵᠦ ᠪᠠᠢᠢᠲᠠᠯ᠎ᠠ ᠭᠠᠨᠵᠤᠤᠷ ᠬᠤᠭᠤᠷᠴᠢ ᠵᠢᠨ ︽ᠯᠢᠶᠠᠡᠭ ᠲᠠᠡᠭ ᠵᠢᠨ︾ ᠬᠡᠮᠡᠬᠦ ᠬᠤᠭᠤᠷ ᠤᠨ ᠦᠯᠢᠬᠡᠷ ᠢ ᠲᠧᠯᠧᠢᠰ ᠡᠴᠡ ᠤᠯᠵᠦ ᠰᠤᠨᠤᠰᠤᠭᠠᠳ ᠡᠨᠡ ᠬᠦᠮᠦᠨ ᠢ ᠡᠷᠢᠵᠦ ᠪᠠᠭᠰᠢ ᠪᠠᠷᠢᠬᠤ ᠪᠤᠳᠤᠯ ᠤᠷᠤᠪᠠ᠃ ᠢᠨᠭᠭᠢᠵᠦ ᠲᠡᠷᠡ ᠲᠦᠨᠭᠯᠢᠶᠤᠤ ᠷᠠᠳᠢᠣ᠋ ᠨᠡᠪᠲᠡᠷᠡᠬᠦᠯᠬᠡ ᠵᠢᠨ ᠬᠤᠷᠢᠶ᠎ᠠ ᠵᠢᠨ ︽ᠰᠤᠷᠠᠭ ᠤᠨ ᠪᠠᠭᠤᠴᠠ︾ ᠡᠴᠡ ᠬᠡᠳᠦ ᠤᠳᠠᠭ᠎ᠠ ᠰᠤᠷᠠᠭᠯᠠᠭᠠᠳ ᠲᠡᠬᠦᠨ ᠤ ᠲᠤᠬᠠᠢ ᠶᠠᠮᠠᠷ ᠴᠤ ᠰᠤᠷᠠᠭ ᠤᠯᠵᠦ ᠳᠡᠢᠢᠯᠦᠭᠰᠡᠨ ᠦᠬᠡᠢ᠃ ᠭᠡᠪᠡᠴᠦ ᠲᠡᠷᠡ ᠵᠤᠷᠢᠭ ᠮᠤᠬᠤᠭᠰᠠᠨ ᠦᠬᠡᠢ ᠠᠷᠭ᠎ᠠ ᠪᠦᠬᠦᠨ ᠢ ᠰᠦᠪᠡᠭᠴᠢᠯᠡᠨ ᠡᠷᠢᠵᠦ ᠰᠤᠷᠠᠭᠰᠠᠭᠠᠷ ᠪᠠᠢᠢᠪᠠ᠃ ᠡᠴᠦᠰ ᠲᠡᠭᠡᠨ ᠦᠪᠦᠷ ᠮᠤᠨᠭᠭᠤᠯ ᠤᠨ ᠬᠤᠷᠢᠶ᠎ᠠ ᠵᠢᠨ ︽ᠲᠠᠨ ᠳᠤ ᠦᠢᠯᠡᠴᠢᠯᠡᠬᠦ ᠰᠢᠭᠤᠳ ᠵᠤᠭᠤᠭ︾ ᠵᠢᠡᠷ ᠳᠠᠮᠵᠢᠵᠦ ᠭᠠᠨᠵᠤᠤᠷ ᠬᠤᠭᠤᠷᠴᠢ ᠵᠢᠨ ᠤᠳᠠᠰᠤᠨ ᠨᠤᠮᠧᠷ ᠢ ᠤᠯᠤᠭᠠᠳ ᠠᠪᠴᠠᠢ᠃ ᠢᠨᠭᠭᠢᠵᠦ ᠰᠤᠷᠬᠤ ᠵᠢᠨ ᠬᠦᠰᠡᠯ ᠳᠡᠭᠡᠨ ᠬᠦᠲᠦᠯᠦᠭᠳᠡᠭᠰᠡᠨ ᠸᠠᠡᠭ ᠲᠢᠶᠠᠨ ᠯᠦᠡᠭ 2007 ᠤᠨ ᠤ 11 ᠰᠠᠷ᠎ᠠ ᠵᠢᠨ 22 ᠤᠨ ᠦᠳᠡ ᠵᠢᠨ ᠬᠤᠢᠢᠨ᠎ᠠ ᠬᠢᠨᠭᠭᠠᠨ ᠠᠢᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠵᠢ ᠴᠢᠭᠯᠡᠵᠦ ᠦᠨᠳᠦᠰᠦᠲᠡᠨ ᠤ ᠤᠷᠠᠯᠢᠭ ᠵᠢᠨᠨ ᠰᠤᠷᠴᠦ ᠡᠵᠡᠮᠰᠢᠶ᠎ᠡ ᠬᠡᠬᠦ ᠭᠠᠯ ᠬᠠᠯᠠᠭᠤᠨ ᠰᠡᠳᠬᠢᠯ ᠢ ᠡᠪᠦᠷᠯᠡᠨ ᠭᠠᠨᠵᠤᠤᠷ ᠬᠤᠭᠤᠷᠴᠢ ᠵᠢᠨ ᠭᠡᠷ ᠲᠤ ᠨᠢ ᠬᠦᠷᠦᠬᠡᠳ ᠤᠴᠢᠪᠠ᠃ ᠲᠡᠨᠳᠡ ᠲᠡᠷᠡ 55 ᠡᠳᠦᠷ ᠰᠠᠭᠤᠵᠦ ︽ᠴᠤᠤ ᠬᠤᠷᠠᠬᠤ︾ ︽ᠴᠡᠷᠢᠭ ᠵᠠᠮᠨᠠᠬᠤ︾ ︽ᠵᠦ ᠪᠤᠤ ᠱᠠᠨ︾ ᠵᠡᠷᠭᠡ ᠨᠡᠯᠢᠶᠡᠳ ᠬᠡᠳᠦᠨ ᠦᠯᠢᠬᠡᠷ ᠤᠨ ᠠᠶ᠎ᠠ ᠵᠢ ᠰᠤᠷᠤᠭᠰᠠᠨ ᠪᠦᠬᠡᠳ ᠬᠤᠭᠤᠷ ᠤᠨ ᠦᠯᠢᠬᠡᠷ ᠬᠡᠯᠡᠬᠦ ᠰᠤᠯᠠ ᠮᠡᠳᠡᠯᠬᠡ᠂ ᠶᠡᠷᠦ ᠵᠢᠨ ᠬᠡᠯᠡᠯᠬᠡ ᠵᠡᠷᠭᠡ ᠡᠴᠡ ᠡᠵᠡᠮᠰᠢᠵᠡᠢ᠃ ᠳᠡᠮᠡᠢ ᠤᠳᠠᠭᠰᠠᠨ ᠦᠬᠡᠢ ᠨᠠᠢᠮᠠᠨ ᠬᠤᠰᠢᠭᠤᠨ ᠳᠦ ᠬᠤᠷᠴᠢᠨ ᠤᠷᠠᠯᠢᠭ ᠤᠨ ᠪᠤᠯᠪᠠᠰᠤᠷᠠᠯ ᠤᠨ ᠠᠨᠭᠭᠢ ᠶᠠᠪᠤᠭᠳᠠᠵᠦ ᠭᠠᠨᠵᠤᠤᠷ ᠪᠠᠭᠰᠢ ᠵᠢ ᠤᠷᠢᠵᠦ ᠬᠢᠴᠢᠶᠡᠯ ᠤᠷᠤᠭᠤᠯᠤᠭᠰᠠᠨ ᠳᠤ ᠸᠠᠡᠭ ᠲᠢᠶᠠᠨ ᠯᠦᠡᠭ ᠴᠤ ᠳᠠᠭᠠᠵᠦ ᠤᠴᠢᠭᠠᠳ ᠠᠷᠠᠳ ᠤᠨ ᠳᠠᠭᠤᠤ᠂ ᠦᠯᠢᠬᠡᠷ ᠬᠤᠯᠪᠤᠭ᠎ᠠ᠂ ᠳᠦᠷᠪᠡᠨ ᠤᠳᠠᠰᠤᠲᠤ ᠬᠤᠭᠤᠷ ᠵᠡᠷᠭᠡ ᠵᠢ ᠠᠷᠪᠠᠭᠠᠳ ᠡᠳᠦᠷ ᠰᠤᠷᠤᠯᠴᠠᠪᠠ᠃ 2008 ᠤᠨ ᠤ 3 ᠰᠠᠷ᠎ᠠ ᠵᠢᠨ 21 ᠳᠤ ᠡᠬᠢᠯᠡᠭᠰᠡᠨ ᠠᠷᠤ ᠬᠤᠷᠴᠢᠨ ᠬᠤᠰᠢᠭᠤᠨ ᠤ ᠪᠤᠯᠪᠠᠰᠤᠷᠠᠯ ᠤᠨ ᠠᠨᠭᠭᠢ ᠳᠤ ᠭᠠᠨᠵᠤᠤᠷ ᠬᠤᠭᠤᠷᠴᠢ ᠪᠤᠯᠤᠨ ᠵᠠᠯᠰᠠᠨ ᠬᠤᠭᠤᠷᠴᠢ ᠬᠢᠴᠢᠶᠡᠯ ᠲᠠᠢᠢᠯᠪᠤᠷᠢᠯᠠᠭᠰᠠᠨ ᠳᠤ ᠸᠠᠡᠭ ᠲᠢᠶᠠᠨ ᠯᠦᠡᠭ ᠬᠦᠷᠴᠦ 10 ᠬᠤᠨᠤᠭ ᠰᠤᠷᠤᠯᠴᠠᠵᠠᠢ ᠃ 2008 ᠤᠨ ᠤ 4 ᠰᠠᠷ᠎ᠠ ᠵᠢᠨ 8 ᠤ ᠡᠳᠦᠷ ᠳᠠᠬᠢᠨ ᠭᠠᠨᠵᠤᠤᠷ ᠬᠤᠭᠤᠷᠴᠢ ᠵᠢᠨ ᠭᠡᠷ ᠲᠤ ᠨᠢ ᠡᠷᠢᠵᠦ ᠬᠦᠷᠦᠬᠡᠳ ᠵᠠᠡᠭ ᠱᠦ ᠭᠤᠸᠠᠡᠭ ︵ᠤᠳᠤ ᠵᠠᠷᠤᠳ ᠬᠤᠰᠢᠭᠤᠨ ᠤ ᠮᠤᠨᠭᠭᠤᠯ ᠦᠨᠳᠦᠰᠦᠲᠡᠨ ᠤ ᠲᠤᠷᠰᠢᠯᠲᠠ ᠵᠢᠨ ᠪᠠᠭ᠎ᠠ ᠰᠤᠷᠭᠠᠭᠤᠯᠢ ᠳᠤ ᠪᠠᠭᠰᠢᠯᠠᠵᠦ ᠪᠤᠢ︶ ᠲᠠᠢ ᠬᠤᠶᠠᠭᠤᠯᠠ ᠭᠡᠷ ᠲᠦᠷᠢᠶᠡᠰᠦᠯᠡᠵᠦ ᠪᠠᠢᠢᠭᠠᠳ ᠭᠠᠨᠵᠤᠤᠷ ᠬᠤᠭᠤᠷᠴᠢ ᠡᠴᠡ ᠦᠯᠢᠬᠡᠷ ᠰᠤᠷᠴᠦ᠂ ᠵᠠᠡᠭ ᠱᠦ ᠭᠤᠸᠠᠡᠭ ᠡᠴᠡ ᠳᠦᠷᠪᠡᠨ ᠤᠳᠠᠰᠤᠲᠤ ᠬᠤᠭᠤᠷ ᠃
︱ ᠨᠤᠲᠤᠭ ᠲᠠᠭᠠᠨ ᠢᠷᠡᠭᠡᠳ ᠳᠠᠬᠢᠨ ᠰᠤᠷᠠᠭᠯᠠᠭᠰᠠᠨ ᠳᠤ ᠯᠢᠦ ᠱᠢ ᠰᠠᠨ ᠬᠤᠭᠤᠷᠴᠢ ᠪᠤᠯᠤᠨ ᠲᠡᠭᠰᠢᠲᠦᠬᠦᠷᠡᠡᠭ ᠨᠠᠰᠤᠲᠠᠨ ᠪᠦᠷ ᠡᠷᠡᠬᠦᠯ ᠳᠡᠨᠭᠬᠡᠯᠡᠬᠦᠨ ᠪᠠᠢᠢᠭᠰᠠᠭᠠᠷ ᠭᠡᠨ᠎ᠡ᠃ ᠲᠡᠭᠡᠭᠡᠳ ᠪᠢ ᠠᠬᠠᠮᠠᠳ ᠬᠤᠭᠤᠷᠴᠢ ᠯᠢᠦ ᠱᠢ ᠰᠠᠨ ᠡᠴᠡ ᠬᠤᠢᠢᠨ᠎ᠡ ᠡᠮᠦᠨ᠎ᠡ ᠵᠢᠡᠭ ᠱᠦ ᠡᠮᠦᠨ᠎ᠡ ᠵᠢ ᠲᠦᠪᠰᠢᠳᠭᠡᠭᠰᠡᠨ ᠨᠢ︾ ᠭᠡᠬᠦ ᠪᠦᠲᠦᠨ ᠦᠯᠢᠬᠡᠷ ᠢ ᠰᠤᠷᠤᠭᠰᠠᠨ ᠪᠦᠬᠡᠳ ᠪᠠᠰᠠ ᠡᠷᠲᠡ ᠦᠶ᠎ᠡ ᠳᠤ ᠬᠠᠭᠤᠷᠮᠠᠭ ᠮᠠᠨᠵᠦ ᠵᠢᠨ ᠬᠠᠭᠠᠨ ᠤ ᠤᠷᠳᠤᠨ ᠤ ᠬᠤᠭᠤᠷᠴᠢ ᠪᠠᠢᠢᠭᠰᠠᠨ᠂ ᠨᠢᠬᠡ ᠨᠠᠰᠤᠨ ᠳᠠᠭᠠᠨ ︽ᠰᠠᠬᠢᠭᠤᠯᠤᠰᠤᠨ ᠡᠷᠬᠦᠮᠵᠢᠯᠡᠭᠰᠡᠨ ᠦᠯᠢᠬᠡᠷ︾ ᠢ 37 ᠤᠳᠠᠭ᠎ᠠ ᠬᠡᠯᠡᠵᠦ ᠵᠠᠨ᠎ᠠ ᠬᠤᠭᠤᠷᠴᠢ ᠳᠤ ︽ᠲᠠ ᠪᠤᠯ ᠬᠠᠰᠢᠯᠠᠨ ᠮᠠᠨ ᠡᠴᠡ ᠠᠬᠠᠳᠠᠬᠤ ᠰᠠᠢᠢᠨ ᠬᠤᠭᠤᠷᠴᠢ ᠮᠦᠨ ᠡ︾ ᠬᠡᠮᠡᠭᠳᠡᠭᠰᠡᠨ ᠬᠤᠷᠴᠢᠨ ᠵᠡᠬᠦᠨ ᠭᠠᠷᠤᠨ ᠬᠤᠢᠢᠳᠦ ᠬᠤᠰᠢᠭᠤ ᠨᠤᠲᠤᠭᠲᠠᠢ ᠰᠠᠢᠢᠨᠪᠠᠲᠤ ᠬᠤᠭᠤᠷᠴᠢ ᠵᠢᠨ ᠤᠯᠠᠨ ᠦᠯᠢᠬᠡᠷ ᠤᠨ ᠠᠶ᠎ᠠ ᠵᠢ ᠴᠤ ᠡᠵᠡᠮᠰᠢᠵᠡᠢ᠃ 2010 ᠤᠨ ᠤ ᠵᠤᠨ ᠲᠡᠭᠰᠢᠳᠦᠬᠦᠷᠡᠡᠭ ᠨᠠᠰᠤᠲᠠᠨ ᠢ ᠪᠠᠭᠰᠢ ᠪᠠᠷᠢᠵᠦ᠂ ᠲᠡᠬᠦᠨ ᠡᠴᠡ ︽ᠨᠠᠢᠮᠠᠨ ᠠᠶᠠᠯᠭᠤ︾ ︽ᠬᠦᠭᠵᠢᠮ ᠡᠬᠢᠯᠡᠬᠦ ᠴᠡᠴᠡᠭ︾ ︽ᠸᠠᠨ ᠨᠢᠶᠠᠨ ᠬᠤᠸᠠᠨ︾ ᠬᠡᠬᠦ ᠮᠡᠲᠦ ᠵᠢᠨ ᠤᠯᠠᠨ ᠠᠷᠪᠢᠨ ᠤᠷᠳᠤᠨ ᠤ ᠬᠦᠭᠵᠢᠮ ᠢ ᠰᠤᠷᠴᠠᠢ᠃ ᠬᠤᠶᠠᠷ ᠪᠠᠭᠰᠢ ᠡᠴᠡ ᠨᠠᠳᠠ ᠡᠷᠳᠡᠮ ᠵᠢᠨᠨ ᠬᠠᠷᠠᠮ ᠦᠬᠡᠢ ᠵᠢᠭᠠᠭᠰᠠᠨ ᠶᠤᠮ᠂ ᠵᠠᠷᠢᠮ ᠳᠠᠭᠠᠨ ᠭᠡᠷ ᠲᠤ ᠢᠷᠡᠵᠦ ᠪᠠᠢᠢᠭᠠᠳ ᠵᠢᠭᠠᠵᠦ ᠦᠭᠭᠦᠨ᠎ᠡ᠂ ᠵᠠᠷᠢᠮ ᠳᠠᠭᠠᠨ ᠨᠠᠳᠠ ᠵᠢ ᠭᠡᠷ ᠲᠡᠭᠡᠨ ᠠᠪᠴᠦ ᠬᠤᠨᠤᠵᠦ ᠪᠠᠢᠢᠭᠠᠳ ᠰᠤᠷᠭᠠᠨ᠎ᠠ᠃ ᠬᠦᠨᠳᠦᠳᠦ ᠬᠤᠶᠠᠷ ᠪᠠᠭᠰᠢ ᠵᠢᠨ ᠠᠴᠢ ᠪᠡᠷ ᠯᠠ ᠮᠢᠨᠦ ᠬᠢᠷᠢ ᠲᠦᠪᠰᠢᠨ ᠲᠦᠷᠭᠡᠨ ᠳᠡᠭᠡᠭᠰᠢᠯᠡᠭᠰᠡᠨ ᠶᠤᠮ ᠭᠡᠵᠦ ᠸᠠᠡᠭ ᠲᠢᠶᠠᠨ ᠯᠦᠡᠭ ᠬᠡᠯᠡᠨ᠎ᠡ᠃
ᠨᠢᠬᠡ ᠮᠡᠳᠡᠬᠦ ᠳᠤ ᠸᠠᠡᠭ ᠲᠢᠶᠠᠨ ᠯᠦᠡᠭ ᠬᠤᠭᠤᠷᠴᠢ ᠨᠡᠷ᠎ᠡ ᠵᠢ ᠵᠡᠬᠦᠵᠦ ᠤᠷᠤᠯᠳᠤᠭᠠᠨ ᠲᠡᠮᠡᠴᠡᠭᠡᠨ ᠳᠤ ᠴᠤ ᠤᠷᠤᠯᠴᠠᠳᠠᠭ ᠪᠤᠯᠤᠭᠰᠠᠨ ᠪᠦᠬᠡᠳ ᠱᠠᠨᠭᠨᠠᠯ ᠬᠦᠬᠢᠬᠦᠯᠦᠯ ᠴᠤ ᠲᠤᠰᠳᠠᠭ ᠪᠤᠯᠤᠯ᠎ᠠ᠃ 2011 ᠤᠨ ᠳᠤ ᠮᠤᠨᠭᠭᠤᠯᠵᠢᠨ ᠬᠤᠰᠢᠭᠤᠨ ᠳᠤ ᠪᠤᠯᠤᠭᠰᠠᠨ ︽ᠭᠠᠢᠢᠬᠠᠮᠰᠢᠬᠲᠤ ᠮᠤᠨᠭᠭᠤᠯ ᠡᠮ ᠡᠮᠨᠡᠯᠬᠡ︾ ᠬᠤᠨᠳᠠᠭᠠᠳᠤ ᠬᠤᠯᠪᠤᠭᠡ ᠢᠷᠦᠬᠡᠯ ᠮᠠᠭᠲᠠᠭᠠᠯ ᠤᠨ ᠤᠷᠤᠯᠳᠤᠭᠠᠨ ᠂ 2012 ᠤᠨ ᠳᠤ ᠬᠤᠷᠴᠢᠨ ᠵᠡᠬᠦᠨ ᠭᠠᠷᠤᠨ ᠬᠤᠢᠢᠳᠦ ᠬᠤᠰᠢᠭᠤᠨ ᠳᠤ ᠪᠤᠯᠤᠭᠰᠠᠨ ᠪᠦᠬᠦ ᠬᠤᠰᠢᠭᠤᠨ ᠤ ︽ᠦᠨᠳᠦᠰᠦᠲᠡᠨ ᠤ ᠪᠦᠯᠬᠦᠮᠳᠡᠯ ᠳᠠᠪᠰᠢᠯᠲᠠ ᠬᠤᠨᠳᠠᠭᠠᠳᠤ︾ ᠦᠯᠢᠭᠡᠷ ᠬᠤᠯᠪᠤᠭ᠎ᠠ ᠵᠢᠨ ᠤᠷᠤᠯᠳᠤᠭᠠᠨ᠂ 2016 ᠤᠨ ᠤ 6 ᠰᠠᠷ᠎ᠠ ᠳᠤ ᠪᠤᠯᠤᠭᠰᠠᠨ ︽ ᠮᠤᠤᠠᠦ᠋ᠬᠢᠨ ᠬᠤᠨᠳᠠᠭᠠᠳᠤ︾ ᠸᠢᠴᠠᠲ ᠤᠨ ᠤᠷᠤᠯᠳᠤᠭᠠᠨ᠂ 2016 ᠤᠨ ᠤ 10 ᠰᠠᠷ᠎ᠠ ᠳᠤ ᠪᠤᠯᠤᠭᠰᠠᠨ ᠫᠠᠵᠠᠢ ᠨᠡᠷᠡᠮᠵᠢᠲᠦ ᠦᠯᠢᠬᠡᠷ ᠬᠤᠯᠪᠤᠭ᠎ᠠ ᠵᠢᠨ ᠤᠷᠤᠯᠳᠤᠭᠠᠨ ᠳᠤ ᠤᠷᠤᠯᠴᠠᠭᠠᠳ ᠪᠦᠷ ᠰᠠᠢᠢᠨ ᠬᠢᠷᠢ ᠪᠦᠲᠦᠮᠵᠢ ᠪᠤᠯᠵᠠᠢ᠃ ᠲᠡᠷᠡ ᠤᠷᠢᠳ ᠬᠤᠵᠢᠳ ︽ᠦᠪᠡᠷ ᠵᠢᠨᠨ ᠡᠷᠢᠭᠰᠡᠨ ᠵᠤᠪᠠᠭᠤᠷᠢ︾ ︽ᠰᠧ ᠮᠠ ᠭᠤᠸᠠᠡᠭ ᠭᠠᠡᠭ ᠬᠠᠭᠠᠯᠤᠭᠰᠠᠨ ᠨᠢ︾ ᠭᠡᠬᠦ ᠮᠡᠲᠦ ᠵᠢᠨ ᠦᠯᠢᠬᠡᠷ ᠢ ᠬᠢᠲᠠᠳ ᠳᠡᠪᠲᠡᠷ ᠡᠴᠡ ᠤᠷᠴᠢᠭᠤᠯᠤᠭᠰᠠᠨ ᠡᠴᠡ ᠭᠠᠳᠠᠨ᠎ᠠ ᠪᠤᠲᠠᠲᠤ ᠠᠮᠢᠳᠤᠷᠠᠯ ᠡᠴᠡ ᠰᠡᠳᠦᠪᠯᠡᠭᠰᠡᠨ ︽ᠲᠦᠬᠦᠷᠡᠡᠭ ᠪᠦᠬᠡ︾ ︽ᠬᠤᠶᠠᠷ ᠮᠠᠯᠴᠢᠨ ᠵᠠᠮ ᠲᠦᠬᠡᠷᠢᠭᠰᠡᠨ ᠬᠡᠦᠬᠡᠳ ᠢ ᠤᠯᠵᠦ ᠭᠡᠷ ᠲᠤ ᠨᠢ ᠬᠠᠷᠢᠭᠤᠯᠤᠭᠰᠠᠨ ᠨᠢ︾ ︽ᠠᠷᠭᠠᠯ︾ ︽ᠡᠪᠦᠬᠡ ᠵᠢᠨ ᠠᠷᠢᠬᠢ︾ ︽ᠱᠠᠭᠵᠠᠮᠤᠨᠢ ᠪᠤᠷᠬᠠᠨ ᠤ ᠮᠡᠨᠳᠦᠯᠡᠭᠰᠡᠨ ᠨᠢ︾ ᠭᠡᠬᠦ ᠮᠡᠲᠦ ᠵᠢᠨ 30 ︱ 60 ᠮᠢᠨᠦ᠋ᠲ ᠤᠨ ᠬᠤᠭᠤᠷ ᠤᠨ ᠦᠯᠢᠬᠡᠷ ᠢ ᠵᠤᠬᠢᠶᠠᠨ ᠦᠪᠡᠷ ᠵᠢᠨᠨ ᠬᠤᠭᠤᠷᠳᠠᠨ ᠬᠡᠯᠡᠵᠡᠢ᠃ 100 ︽ᠰᠢᠨ᠎ᠡ ᠬᠦᠳᠡᠭᠡ ᠤᠰᠤᠨ ᠠᠢᠢᠯ ᠭᠠᠴᠠᠭ᠎ᠠ︾ ︽ᠤᠰᠤᠨ ᠬᠤᠶᠠᠷ ᠭᠡᠷ ᠭᠠᠴᠠᠭ᠎ᠠ ᠵᠢᠨ ᠮᠠᠭᠲᠠᠭᠠᠯ︾ ︽ᠳᠦᠷᠪᠡᠨ ᠤᠳᠠᠰᠤᠲᠤ ᠬᠤᠭᠤᠷ ᠤᠨ ᠳᠠᠷᠬᠠᠨ ᠲᠡᠭᠰᠢᠳᠦᠬᠦᠷᠡᠡᠭ︾ ᠵᠡᠷᠭᠡ ᠬᠤᠯᠪᠤᠭ᠎ᠠ ᠵᠢ ᠵᠤᠬᠢᠶᠠᠨ ᠬᠡᠯᠡᠭᠰᠡᠨ ᠪᠦᠬᠡᠳ ︽ᠰᠧ ᠱᠦᠵᠢ︾ ︽ᠮᠡᠷᠭᠡᠨ︾ ︽ᠬᠤᠸᠠᠷ᠎ᠠ︾ ᠭᠡᠬᠦ ᠬᠤᠷᠴᠢᠨ ᠠᠷᠠᠳ ᠤᠨ ᠦᠯᠢᠬᠡᠷᠲᠦ ᠳᠠᠭᠤᠤ ᠵᠢ ᠰᠢᠨ᠎ᠡ ᠪᠡᠷ ᠵᠤᠬᠢᠶᠠᠵᠦ ᠦᠪᠡᠷ ᠵᠢᠨᠨ ᠬᠤᠭᠤᠷᠳᠠᠨ ᠳᠠᠭᠤᠯᠠᠵᠠᠢ᠃ ᠲᠡᠷᠡ ᠲᠦᠰᠢᠶᠡᠳᠦ ᠬᠤᠰᠢᠭᠤᠨ ᠤ ᠯᠠᠮᠠ ᠵᠢᠨ ᠪᠢᠴᠢᠭᠰᠠᠡ ︽ᠡᠷ᠎ᠡ ᠡᠮ᠎ᠡ ᠵᠢᠨ ᠡᠪᠰᠡᠯ ᠬᠡᠷᠡᠬᠦᠯ︾ ᠭᠡᠬᠦ ᠬᠤᠯᠪᠤᠭ᠎ᠠ ᠵᠢ ᠹᠦᠰᠢᠨ ᠤ ᠮᠤᠨᠭᠭᠤᠯ ᠷᠠᠳᠢᠣ᠋ ᠳᠡᠭᠡᠷ᠎ᠡ ᠬᠡᠯᠡᠵᠦ ᠰᠢᠨᠭᠭᠡᠭᠡᠪᠡ᠃ ᠲᠡᠬᠦᠨ ᠤ ᠬᠢᠲᠠᠳ ᠦᠯᠢᠬᠡᠷ ᠡᠴᠡ ᠤᠷᠴᠢᠭᠤᠯᠤᠨ ᠬᠡᠯᠡᠭᠰᠡᠨ ︽ᠵᠢᠷᠤᠮᠲᠠᠳ ᠤᠨ ᠬᠠᠢᠢᠷ᠎ᠠ ᠦᠰ︾ ᠭᠡᠬᠦ 80 ᠪᠦᠯᠦᠭᠲᠦ 30 ᠴᠠᠭ ᠤᠨ ᠶᠠᠪᠠᠭᠠᠨ ᠦᠯᠢᠬᠡᠷ ᠨᠢ ᠬᠤᠭᠤᠷ ᠤᠨ ᠦᠯᠢᠬᠡᠷ ᠤᠨ ᠳᠤᠷᠠᠴᠤᠤᠯ ᠤᠨ ᠬᠤᠷᠠᠯᠳᠠᠢ ᠵᠢᠨ ᠸᠢᠴᠠᠲ ᠤᠨ ᠤᠯᠠᠨ ᠨᠡᠢᠢᠲᠡ ᠵᠢᠨ ᠲᠠᠪᠴᠠᠡᠭ ᠵᠢᠡᠷ ᠨᠡᠪᠲᠡᠷᠡᠬᠦᠯᠦᠭᠳᠡᠪᠡ᠃ ᠬᠢᠲᠠᠳ ᠮᠤᠨᠭᠭᠤᠯ ᠳᠡᠪᠲᠡᠷ ᠢ ᠬᠠᠷᠭᠤᠭᠤᠯᠬᠤ ᠪᠠ ᠰᠦᠯᠵᠢᠶᠡᠨ ᠳᠡᠭᠡᠷ᠎ᠡ ᠡᠴᠡ ᠮᠠᠲ᠋ᠧᠷᠢᠶᠠᠯ ᠬᠠᠢᠢᠵᠦ ᠪᠠᠢᠢᠭᠠᠳ ︽ᠱᠠᠭᠵᠠᠮᠤᠨᠢ ᠪᠤᠷᠬᠠᠨ ᠤ ᠨᠠᠮᠳᠠᠷ︾ ᠭᠡᠬᠦ 30 ᠴᠠᠭ ᠤᠨ ᠬᠤᠭᠤᠷ ᠤᠨ ᠦᠯᠢᠬᠡᠷ ᠢ ᠬᠡᠯᠡᠵᠦ᠂ ᠲᠡᠬᠦᠨ ᠢ ᠨᠢ ᠬᠤᠭᠤᠷ ᠤᠨ ᠦᠯᠢᠬᠡᠷ ᠤᠨ ᠳᠤᠷᠠᠴᠤᠤᠯ ᠤᠨ ᠬᠤᠷᠠᠯᠲᠠᠢ ᠵᠢᠨ ᠸᠢᠴᠠᠲ ᠤᠨ ᠤᠯᠠᠨ ᠨᠡᠢᠢᠲᠡ ᠵᠢᠨ ᠳᠠᠪᠴᠠᠡᠭ ᠳᠡᠭᠡᠷ᠎ᠡ 60 ᠪᠦᠯᠦᠭ ᠬᠤᠪᠢᠶᠠᠵᠦ ᠳᠠᠯᠪᠢᠨ ᠨᠡᠪᠲᠡᠷᠡᠬᠦᠯᠵᠡᠢ᠃ ᠲᠡᠷᠡ ᠪᠠᠰᠠ ︽ᠮᠢᠯᠠᠷᠠᠢᠢᠪᠠ ᠪᠤᠭᠲᠠ ᠵᠢᠨ ᠨᠠᠮᠳᠠᠷ ᠤᠷᠤᠰᠢᠪᠠᠢ ︾ ᠭᠡᠬᠦ 18 ᠴᠠᠭ ᠤᠨ ᠬᠤᠭᠤᠷ ᠤᠨ ᠦᠯᠢᠬᠡᠷ ᠢ ᠬᠡᠯᠡᠵᠦ ᠰᠢᠨᠭᠭᠡᠭᠡᠳ ᠃ ᠲᠡᠬᠦᠨ ᠤ ᠬᠤᠭᠤᠷᠳᠠᠵᠦ ᠳᠠᠭᠤᠯᠠᠭᠰᠠᠨ ︽ᠯᠢᠶᠠᠡᠭ ᠵᠢᠨ ᠭᠤᠯᠤᠤ︾ ︽ᠰᠧᠷᠢᠨᠭᠪᠦ ᠰᠦᠢ ᠯᠢᠡᠭ︾ ︽ᠭᠠᠳᠠ ᠮᠡᠢᠢᠷᠡᠨ︾ ᠮᠡᠲᠦ ᠵᠢᠨ ᠨᠡᠯᠢᠶᠡᠳ ᠬᠡᠳᠦᠨ ᠠᠷᠠᠳ ᠤᠨ ᠳᠠᠭᠤᠤ ᠨᠢ ᠴᠤ ᠰᠦᠯᠵᠢᠶ᠎ᠡ ᠪᠡᠷ ᠳᠠᠮᠵᠢᠭᠲᠠᠨ ᠳᠦᠮᠡᠨ ᠤ ᠰᠤᠨᠤᠷ ᠲᠤ ᠬᠦᠷᠴᠦ ᠴᠢᠬᠢᠨ ᠤ ᠬᠢᠨᠢ ᠴᠢᠮᠡᠭ ᠪᠤᠯᠵᠠᠢ᠃
ᠸᠠᠡᠭ ᠲᠢᠶᠠᠨ ᠯᠦᠡᠭ ᠦᠯᠢᠬᠡᠷ ᠳᠤᠲᠤᠷ᠎ᠠ ᠪᠠᠨ ᠰᠠᠢᠢᠨᠪᠠᠲᠤ᠂ ᠫᠧᠨᠭᠱᠧᠨᠭᠭᠠ᠂ ᠲᠢᠶᠧ ᠵᠦ ᠂ ᠠᠷᠪᠢᠵᠢᠬᠤ᠂ ᠡᠷᠳᠡᠨᠢᠵᠢᠷᠦᠬᠡ ᠵᠡᠷᠭᠡ ᠳᠡᠭᠡᠷ᠎ᠡ ᠦᠶ᠎ᠡ ᠵᠢᠨ ᠪᠤᠶᠤ ᠠᠬᠠᠮᠠᠳ ᠬᠤᠭᠤᠷᠴᠢᠳ ᠤᠨ ᠤᠨᠴᠠᠯᠢᠭ ᠲᠠᠢ ᠠᠶ᠎ᠠ ᠵᠢ ᠬᠡᠷᠡᠭᠯᠡᠬᠦ ᠡᠴᠡ ᠭᠠᠳᠠᠨ᠎ᠠ ᠦᠪᠡᠷ ᠤᠨ ᠡᠮᠬᠢᠳᠭᠡᠭᠰᠡᠨ ᠪᠤᠷᠬᠠᠨ ᠱᠠᠰᠢᠨ ᠤ ᠠᠶ᠎ᠠ᠂ ᠤᠷᠤᠰᠬᠠᠯ ᠳᠠᠭᠤᠤ ᠵᠡᠷᠭᠡ ᠵᠢᠨ ᠠᠶ᠎ᠠ ᠵᠢ ᠴᠤ ᠤᠷᠤᠭᠤᠯᠤᠨ ᠦᠯᠢᠬᠡᠷ ᠬᠡᠯᠡᠳᠡᠭ᠃ ᠤᠳᠤ ᠦᠪᠡᠷ ᠤᠨ ᠭᠡᠬᠦ ᠬᠡᠪ ᠨᠠᠮᠪᠠ ᠪᠠᠨ ᠪᠦᠷᠢᠯᠳᠦᠬᠦᠯᠦᠭᠰᠡᠨ᠂ ᠵᠤᠬᠢᠶᠠᠨ ᠪᠦᠲᠦᠭᠡᠬᠦ ᠲᠠᠯ᠎ᠠ ᠪᠡᠷ ᠤᠷᠤᠯᠳᠤᠯᠭ᠎ᠠ ᠲᠠᠢ᠂ ᠬᠢᠲᠠᠳ ᠮᠤᠨᠭᠭᠤᠯ ᠪᠢᠴᠢᠭ ᠲᠤ ᠴᠠᠭᠠᠷᠠᠭᠰᠠᠨ ᠨᠢᠬᠡᠨ ᠴᠢᠷᠮᠠᠢᠢᠯᠭ᠎ᠠ ᠰᠠᠢᠢᠲᠠᠢ ᠵᠠᠯᠠᠭᠤ ᠠᠷᠠᠳ ᠤᠨ ᠤᠷᠠᠯᠢᠭᠴᠢᠨ ᠪᠤᠯᠤᠭᠰᠠᠨ ᠤ ᠬᠤᠪᠢ ᠳᠤ ᠲᠡᠷᠡ ᠪᠡᠷ ᠪᠠᠭ᠎ᠠ ᠯᠠ ᠴᠢᠯᠦᠬᠡ ᠵᠠᠪ ᠤᠯᠳᠠᠭᠰᠠᠭᠠᠷ ᠨᠤᠮ ᠲᠡᠪᠳᠡᠷ ᠤᠷᠪᠠᠭᠤᠯᠵᠦ ᠪᠢᠷ ᠴᠠᠭᠠᠰᠤ ᠲᠠᠢ ᠨᠤᠴᠤᠯᠳᠤᠨ ᠵᠤᠬᠢᠶᠠᠨ ᠪᠦᠲᠦᠭᠡᠵᠦ ᠰᠠᠭᠤᠬᠤ ᠪᠦᠬᠡᠳ ᠬᠤᠭᠤᠷ ᠵᠢᠨᠨ ᠬᠦᠨᠭᠭᠢᠨᠡᠬᠦᠯᠦᠨ ᠬᠡᠯᠡᠵᠦ ᠳᠠᠭᠤᠯᠠᠨ᠎ᠠ᠃ ᠢᠨᠭᠭᠢᠵᠦ ᠬᠢᠬᠦ ᠵᠢ ᠨᠢ ᠭᠡᠷ ᠤᠨ ᠬᠦᠮᠦᠰ ᠨᠢ ᠳᠡᠮᠡᠢ ᠳᠡᠮᠵᠢᠳᠡᠭ ᠦᠬᠡᠢ ᠪᠤᠯᠬᠤᠷ ᠲᠡᠷᠡ ᠤᠤᠯ ᠤᠨ ᠰᠠᠭᠤᠵᠦ ᠪᠠᠢᠢᠭᠰᠠᠨ ᠬᠠᠭᠤᠴᠢᠨ ᠰᠢᠪᠠᠷ ᠪᠠᠢᠢᠰᠢᠡᠭ ᠵᠢᠨᠨ ᠵᠠᠰᠠᠵᠦ ᠰᠡᠯᠪᠢᠬᠡᠳ ᠲᠡᠬᠦᠨ ᠵᠢᠨᠨ ︽ᠠᠵᠢᠯᠯᠠᠬᠤ ᠭᠡᠷ︾ ᠵᠢᠨᠨ ᠪᠤᠯᠭᠠᠴᠢᠬᠠᠵᠦ ᠤᠯᠠᠨᠭᠭᠢ ᠳᠠᠭᠠᠨ ᠲᠡᠨᠳᠡ ᠪᠠᠨ ᠪᠤᠯᠪᠠᠰᠤᠷᠠᠨ᠎ᠠ᠃ ᠤᠳᠤ ᠲᠡᠷᠡ ︽ᠰᠠᠬᠢᠭᠤᠯᠤᠰᠤᠨ ᠡᠷᠬᠦᠮᠵᠢᠯᠡᠭᠰᠡᠨ ᠦᠯᠢᠬᠡᠷ ︾ ᠤᠨ ᠬᠢᠲᠠᠳ ᠮᠤᠨᠭᠭᠤᠯ ᠳᠡᠪᠲᠡᠷ ᠢ ᠬᠠᠷᠭᠤᠭᠤᠯᠤᠨ ᠮᠤᠨᠭᠭᠤᠯ ᠳᠡᠪᠲᠡᠷ ᠳᠡᠭᠡᠷ᠎ᠡ ᠦᠬᠡᠢ ᠵᠦᠢᠯᠡᠰ ᠢ ᠬᠢᠲᠠᠳ ᠳᠡᠪᠲᠡᠷ ᠡᠴᠡ ᠤᠷᠴᠢᠭᠤᠯᠵᠦ ᠤᠷᠤᠭᠤᠯᠤᠨ ᠨᠢᠬᠡᠨᠲᠡ 71 ᠴᠠᠭ ᠬᠡᠯᠡᠵᠦ ᠰᠢᠨᠭᠭᠡᠭᠡᠳ ᠪᠤᠢ᠂ ᠪᠦᠬᠦᠨ ᠢ ᠬᠡᠯᠡᠵᠦ ᠳᠠᠭᠤᠰᠬᠠᠪᠠᠯ ᠪᠠᠷᠤᠭ 175 ᠴᠠᠭ ᠤᠨ ᠦᠯᠢᠬᠡᠷ ᠪᠤᠯᠬᠤ ᠶᠤᠮ ᠭᠡᠨ᠎ᠡ᠃
︱ ᠤᠳᠤ ᠶᠠᠪᠠᠭᠠᠨ ᠦᠯᠢᠬᠡᠷ ᠬᠡᠯᠡᠬᠦ ᠬᠦᠮᠦᠨ ᠴᠦᠬᠡᠷᠡᠵᠦ ᠪᠠᠢᠢᠭ᠎ᠠ ᠪᠠᠢᠢᠳᠠᠯ ᠳᠤ ᠴᠢᠭᠯᠡᠬᠦᠯᠦᠨ ᠪᠢ ᠳᠠᠷᠠᠭᠠᠴᠢ ᠪᠡᠷ 300 ᠪᠦᠯᠦᠭᠲᠦ ᠶᠠᠪᠠᠭᠠᠨ ᠦᠯᠢᠬᠡᠷ ᠵᠤᠬᠢᠶᠠᠨ ᠬᠡᠯᠡᠬᠦ ᠪᠡᠷ ᠪᠤᠢ᠃ ᠲᠠᠬᠢᠪᠠᠯ ᠤᠳᠤᠬᠠᠨ ᠤ ᠪᠠᠢᠢᠭ᠎ᠠ ᠬᠤᠭᠤᠷᠴᠢ ᠠᠬ᠎ᠠ ᠳᠡᠬᠦᠦ ᠨᠡᠷ ᠤᠨ ᠤᠯᠠᠨᠭᠭᠢ ᠨᠢ ᠪᠦᠷ ᠬᠢᠲᠠᠳ ᠬᠡᠯᠡᠨ ᠤ ᠬᠢᠷᠢ ᠬᠡᠮᠵᠢᠶ᠎ᠡ ᠠᠨᠠᠢᠢᠬᠠᠨ ᠤᠴᠢᠷ ᠡᠴᠡ ᠬᠡᠯᠡᠬᠦ ᠦᠯᠢᠭᠡᠷ ᠵᠢᠨᠨ ᠤᠯᠬᠤ ᠦᠬᠡᠢ ᠭᠠᠴᠢᠭᠳᠠᠵᠦ ᠪᠤᠢ᠃ ᠬᠡᠷᠪᠡ ᠴᠢᠬᠤᠯᠠ ᠲᠠᠢ ᠪᠤᠯ ᠪᠢ ᠬᠢᠲᠠᠳ ᠦᠯᠢᠬᠡᠷ ᠢ ᠮᠤᠨᠭᠭᠤᠯᠴᠢᠯᠠᠨ ᠤᠷᠴᠢᠭᠤᠯᠦᠨ ᠦᠭᠴᠦ ᠪᠤᠯᠤᠨ᠎ᠠ᠃ ᠪᠢ ᠪᠠᠰᠠ ᠬᠦᠬᠡᠨᠠᠭᠤᠷ ᠤᠨ ᠨᠢᠬᠡ ᠪᠠᠭᠰᠢ ᠡᠴᠡ ᠲᠦᠪᠡᠳ ᠬᠡᠯᠡ ᠰᠤᠷᠴᠠᠢ᠂ ᠰᠠᠶ᠋ᠢ ᠡᠬᠢᠯᠡᠵᠦ ᠰᠤᠷᠬᠤ ᠬᠦᠮᠦᠰ ᠲᠤ ᠪᠤᠯ ᠪᠠᠰᠠ ᠲᠦᠪᠡᠳ ᠬᠡᠯᠡ ᠵᠢᠭᠠᠵᠦ ᠳᠡᠢᠢᠯᠦᠨᠡ᠃ ᠳᠠᠷᠠᠭᠠᠴᠢ ᠪᠡᠷ ᠦᠪᠡᠷ ᠤᠨ ᠬᠤᠭᠤᠷ ᠤᠨ ᠮᠡᠷᠭᠡᠵᠢᠯ᠂ ᠵᠤᠬᠢᠶᠠᠨ ᠪᠦᠲᠦᠭᠡᠬᠦ ᠪᠠ ᠦᠯᠢᠬᠡᠷ ᠬᠡᠯᠡᠬᠦ ᠬᠢᠷᠢ ᠲᠦᠪᠰᠢᠨ ᠵᠢᠨᠨ ᠤᠯᠠᠮ ᠵᠢᠡᠷ ᠳᠡᠭᠡᠭᠰᠢᠯᠡᠬᠦᠯᠵᠦ ᠦᠪᠡᠷ ᠤᠨ ᠮᠡᠳᠡᠭᠰᠡᠨ ᠰᠤᠷᠤᠭᠰᠠᠨ ᠵᠢᠨᠨ ᠪᠠᠭ᠎ᠠ ᠨᠠᠰᠤᠨ ᠤ ᠲᠡᠬᠦᠦ ᠨᠠᠷ ᠲᠠᠭᠠᠨ ᠤᠯᠠᠮᠵᠢᠯᠠᠬᠤ ᠬᠦᠰᠡᠯ ᠲᠠᠢ᠃ ᠤᠳᠤ ᠨᠠᠳᠠ ᠵᠠᠷᠤᠳ ᠬᠤᠰᠢᠭᠤᠨ ᠤ ᠴᠤᠯᠮᠤᠨ᠂ ᠮᠠᠨ ᠤ ᠨᠤᠲᠤᠭ ᠤᠨ ᠯᠢᠦ ᠪᠤᠤ᠂ ᠬᠤᠷᠴᠠ ᠵᠡᠷᠭᠡ ᠬᠡᠳᠦᠨ ᠱᠠᠪᠢ ᠪᠠᠢᠢᠨ᠎ᠠ ᠭᠡᠵᠦ ᠸᠠᠡᠭ ᠲᠢᠶᠠᠨ ᠯᠦᠡᠭ ᠰᠤᠷᠪᠤᠯᠵᠢᠯᠠᠭ᠎ᠠ ᠬᠦᠯᠢᠶᠡᠬᠦ ᠳᠡᠭᠡᠨ ᠬᠡᠯᠡᠨ᠎ᠡ᠃ ᠤᠳᠤ ᠲᠡᠷᠡ ᠦᠪᠦᠷ ᠮᠤᠨᠭᠭᠤᠯ ᠤᠨ ᠦᠪᠦᠷ ᠮᠤᠨᠭᠭᠤᠯ ᠤᠨ ᠳᠦᠷᠪᠡᠨ ᠤᠳᠠᠰᠤᠲᠤ ᠬᠤᠭᠤᠷ ᠤᠨ ᠨᠡᠢᠢᠬᠡᠮᠯᠢᠭ ᠤᠨ ᠬᠡᠰᠢᠬᠦᠨ᠂ ᠲᠦᠨᠭᠯᠢᠶᠤᠤ ᠬᠤᠲᠠ ᠵᠢᠨ ᠠᠷᠠᠳ ᠤᠨ ᠳᠠᠭᠤᠤ ᠵᠢᠨ ᠨᠡᠢᠢᠭᠡᠮᠯᠢᠭ ᠤᠨ ᠬᠡᠰᠢᠬᠦᠨ᠂ ᠬᠤᠷᠴᠢᠨ ᠵᠡᠬᠦᠨ ᠭᠠᠷᠤᠨ ᠬᠤᠢᠢᠳᠦ ᠬᠤᠰᠢᠭᠤᠨ ᠤ ᠮᠤᠨᠭᠭᠤᠯ ᠤᠷᠠᠨ ᠪᠢᠴᠢᠯᠬᠡ ᠵᠢᠨ ᠨᠡᠢᠢᠬᠡᠮᠯᠢᠭ ᠤᠨ ᠬᠡᠰᠢᠬᠦᠨ ᠵᠡᠷᠭᠡ ᠨᠡᠢᠢᠬᠡᠮ ᠤᠨ ᠡᠬᠦᠷᠭᠡ ᠲᠤᠰᠢᠶᠠᠯ ᠲᠠᠢ ᠬᠢᠯᠠᠷᠠᠭᠤᠯᠵᠦ ᠶᠠᠪᠤᠨ᠎ᠠ᠃
ᠡᠨᠡᠬᠦ ᠬᠦᠳᠡᠭᠡ ᠨᠤᠲᠤᠭ ᠤᠨ ᠡᠭᠡᠯ ᠵᠢᠷ ᠤᠨ ᠨᠢᠬᠡ ᠵᠠᠯᠠᠭᠤ ᠵᠢᠨ ᠦᠨᠳᠦᠰᠦᠲᠡᠨ ᠤ ᠪᠠᠨ ᠤᠷᠠᠯᠢᠭ ᠰᠤᠶᠤᠯ ᠵᠢᠨᠨ ᠬᠡᠰᠡᠨ ᠡᠷᠬᠢᠮ ᠵᠢᠳᠬᠦᠯ ᠨᠠᠨᠳᠢᠨ ᠴᠢᠷᠮᠠᠢᠢᠯᠭ᠎ᠠ ᠨᠢ ᠦᠨᠳᠦᠰᠦᠲᠡᠨ ᠤ ᠤᠷᠠᠯᠢᠭ ᠰᠤᠶᠤᠯ ᠤᠨ ᠨᠡᠯᠦᠬᠡᠷ ᠶᠡᠬᠡ ᠳᠠᠯᠠᠢ ᠳᠤ ᠨᠠᠷᠢᠨ ᠭᠤᠷᠤᠬ᠎ᠠ ᠪᠤᠯᠵᠦ ᠴᠢᠳᠬᠤᠯᠠᠬᠤ ᠯᠠ ᠤᠴᠢᠷᠲᠠᠢ ᠡ︕
ᠰᠤᠨᠢᠨ ᠤ ᠰᠤᠷᠪᠤᠯᠵᠢᠯᠠᠭᠴᠢ ᠰᠠᠴᠤᠷᠠᠨᠭᠭᠤᠢ 12
0



























































