ᠰᠢᠨ᠎ᠡ ᠶᠢᠨ ᠬᠤᠶᠠᠷ ᠤᠨ ᠰᠠᠷ᠎ᠠ
ᠰᠢᠨ᠎ᠡ ᠶᠢᠨ ᠬᠤᠶᠠᠷ ᠤᠨ ᠰᠠᠷ᠎ᠠ
4730
2018-02-28 11:27
发表于:内蒙古
ᠰᠢᠨ᠎ᠡ ᠶᠢᠨ ᠬᠤᠶᠠᠷ ᠤᠨ ᠪᠡᠯᠡᠭᠳᠤ ᠮᠦᠴᠡ ᠳᠦ
ᠰᠢᠯᠦᠭ ᠰᠡᠳᠬᠡᠯ ᠳᠦ ᠳᠦᠷᠦᠭᠳᠡᠮᠡᠷ
ᠪᠠᠯᠵᠢᠨᠢᠮ᠎ᠠ ᠳᠠᠭᠠᠷᠢᠭᠰᠠᠨ ᠳᠡᠮᠪᠡᠷᠢᠯᠳᠤ ᠡᠳᠤᠷ
ᠪᠠᠳᠠᠭ ᠴᠠᠭᠠᠨ᠎ᠠ ᠠᠴᠠ ᠬᠠᠷᠠᠵᠠᠯᠠᠮᠠᠷ
ᠪᠠᠷᠠᠭᠤᠨ ᠠᠭᠤᠯᠠ ᠶᠢᠨ ᠤᠷᠤᠢ ᠳᠡᠭᠡᠷ᠎ᠡ
ᠬᠠᠪᠢᠷᠭᠠᠨ ᠰᠠᠷᠠᠨ ᠭᠢᠯᠪᠠᠬᠤ ᠨᠢ
ᠪᠠᠭᠠᠳᠤᠷ ᠡᠪᠡᠭᠡᠳ ᠦᠨ ᠮᠢᠨᠢ ᠮᠠᠬᠢᠷ ᠰᠡᠯᠡᠮ᠎ᠡ ᠨᠢ
ᠬᠦᠢᠳᠡᠨ ᠭᠡᠷᠡᠯ ᠢᠶᠡᠷ ᠢᠶᠡᠨ ᠭᠢᠯᠪᠠᠭ᠎ᠠ ᠳᠡᠷᠡ᠂
ᠪᠡᠯᠡᠭ ᠳᠡᠮᠪᠡᠷᠢᠯᠳᠤ ᠰᠢᠨ᠎ᠡ ᠶᠢᠨ ᠬᠤᠶᠠᠷ ᠲᠤ
ᠪᠢᠯᠢᠭ ᠴᠠᠭᠠᠨ᠎ᠠ ᠠᠴᠠ ᠪᠠᠨ ᠨᠠᠬᠢᠶᠠᠯᠠᠮᠠᠷ
ᠪᠠᠶᠠᠷ ᠵᠢᠷᠭᠠᠯᠳᠤ ᠴᠠᠭᠠᠨ ᠰᠠᠷ᠎ᠠ ᠶᠢᠨ
ᠪᠠᠵᠤᠮ ᠤᠨ ᠠᠮᠳᠠᠠ ᠳᠤ ᠬᠦᠯᠦᠷᠡᠮᠡᠷ
ᠡᠭᠦᠯᠡ ᠦᠭᠡᠢ ᠴᠡᠯᠮᠡᠭ ᠳᠡᠭᠷᠢ ᠳᠦ
ᠡᠯᠭᠦᠭᠳᠡᠭᠰᠡᠨ ᠰᠠᠷᠠᠨ ᠭᠢᠯᠪᠠᠬᠤ ᠨᠢ
ᠦᠷᠯᠦᠭ ᠮᠤᠩᠭᠤᠯ ᠡᠷᠡᠴᠤᠳ ᠤᠨ
ᠡᠷᠭᠦᠭᠰᠡᠨ ᠰᠡᠯᠡᠮ᠎ᠡ ᠶᠢᠨ ᠬᠢᠨᠢ ᠭᠡᠷᠡᠯ ᠳᠡᠷᠡ᠂᠂
ᠯᠢᠤ ᠵᠢᠨ
ᠰᠢᠷ᠎ᠡ ᠨᠤᠬᠠᠢ ᠵᠢᠯ ᠤᠨ ᠴᠠᠭᠠᠨ ᠰᠠᠷ᠎ᠠ᠂᠂
2 0