  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1792177
   1251

ᠳ᠋ ᠊ ᠨᠣᠷᠪᠤ ᠶᠢᠨ︽ ᠲᠡᠵᠢᠭᠡᠪᠦᠷᠢ︾ ᠨᠣᠮ ᠡᠴᠡ ᠤᠩᠰᠢᠬᠤ 15︽ ᠵᠢᠪᠡᠭᠦᠨ︾ ᠰᠠᠨᠠᠭ᠎ᠠ

ᠳ᠋ ᠊ ᠨᠣᠷᠪᠣ ᠪᠣᠯ ᠮᠣᠩᠭᠣᠯ ᠬᠡᠯᠡ ᠳᠦ ᠤᠷᠠᠨ ᠵᠣᠬᠢᠶᠠᠯ ᠤᠨ ᠶᠢᠷᠲᠢᠨᠴᠦ ᠳ᠋ᠡᠬᠢ ᠮᠠᠰᠢ ᠬᠦᠴᠥᠲᠡᠢ ᠬᠦᠦᠷᠨᠢᠯᠴᠢ᠂ ᠬᠦᠮᠦᠨ ᠦ ᠰᠡᠳᠬᠢᠯ ᠦᠨ ᠤᠲᠠᠰᠤ ᠶᠢ ᠴᠢᠪᠴᠢᠷᠡᠭᠦᠯᠵᠦ ᠴᠢᠪᠴᠢᠷᠡᠭᠦᠯᠵᠦ ᠪᠠᠶᠢᠭᠠᠳ ᠲᠡᠭᠦᠰᠬᠡᠯ ᠳᠦ ᠨᠢ ᠲᠣᠩ ᠬᠢᠲᠡᠯ᠎ᠡ ᠲᠠᠲᠠᠨ ᠲᠠᠯᠪᠢᠵᠤ᠂ ᠳᠦᠷᠢ ᠦᠳ ᠦᠨ ᠰᠡᠳᠬᠢᠯ ᠵᠦᠢ ᠶᠢᠨ ᠨᠠᠷᠢᠨ ᠴᠢᠩᠳᠠ ᠬᠥᠪᠦᠷᠡᠯ ᠡᠴᠡ ᠤᠶᠠᠭᠳᠠᠨ ᠡᠷᠡᠴᠢᠯᠡᠭᠳᠡᠭᠰᠡᠨ ᠤᠩᠰᠢᠭᠴᠢ ᠶᠢᠨ ᠰᠡᠳᠬᠢᠯ ᠵᠦᠢ ᠶᠢ ᠴᠤ ᠪᠠᠰᠠ ᠳᠣᠩᠰᠣᠯᠭᠠᠨ ᠡᠯᠳᠡᠪᠯᠡᠵᠦ ᠴᠢᠳᠠᠳᠠᠭ ᠣᠪᠠᠳᠢᠰ ᠲᠠᠢ ᠵᠣᠬᠢᠶᠠᠯᠴᠢ᠃ ᠲᠡᠭᠦᠨ ᠢ ᠵᠠᠷᠢᠮ ᠤᠩᠰᠢᠭᠴᠢᠳ ᠡᠨᠡ ᠴᠠᠭ ᠦᠶ᠎ᠡ ᠶᠢᠨ ᠮᠣᠩᠭᠣᠯ ᠤᠨ ᠬᠦᠦᠷᠨᠢᠯ ᠵᠣᠬᠢᠶᠠᠯ ᠳᠠᠬᠢ ᠬᠠᠮᠤᠭ ᠤᠨ 《ᠵᠢᠪᠡᠭᠦᠨ》 ᠳᠦᠷᠢ ᠦᠳ ᠢ ᠪᠦᠲᠦᠭᠡᠭᠰᠡᠨ 《ᠵᠢᠪᠡᠭᠦᠨ》 ᠵᠣᠬᠢᠶᠠᠯᠴᠢ ᠭᠡᠬᠦ ᠨᠢ ᠴᠤ ᠪᠤᠢ᠃ ᠲᠡᠭᠦᠨ ᠦ ᠵᠣᠬᠢᠶᠠᠯ ᠪᠦᠲᠦᠭᠡᠯ ᠳᠦ 《ᠵᠢᠪᠡᠭᠦᠨ ᠦᠨᠡᠨ》᠂ 《ᠰᠡᠳᠬᠢᠯ ᠦᠨ ᠤᠶᠠᠩᠭ᠎ᠠ》 ᠠᠯᠢ ᠠᠯᠢ ᠨᠢ ᠲᠡᠩᠴᠡᠭᠦᠦ ᠪᠠᠶᠢᠳᠠᠭ ᠠᠴᠠ ᠵᠣᠬᠢᠶᠠᠯ ᠤᠳ ᠨᠢ ᠤᠩᠰᠢᠭᠴᠢ ᠶᠢᠨ ᠰᠡᠳᠬᠢᠯ ᠳᠦ ᠲᠡᠭᠡᠲᠡᠯ᠎ᠡ ᠪᠡᠨ ᠲᠣᠳᠣ ᠦᠯᠡᠳᠡᠵᠦ᠂ ᠭᠦᠨ ᠰᠡᠳᠬᠢᠭᠳᠡᠯ ᠦᠯᠡᠳᠡᠭᠡᠳᠡᠭ ᠪᠢᠵᠡ ᠡ᠃
        5073     
2018-09-13 10:33    
发表于:内蒙古
ᠳ᠋ ᠊ ᠨᠣᠷᠪᠤ ᠶᠢᠨ︽ ᠲᠡᠵᠢᠭᠡᠪᠦᠷᠢ︾ ᠨᠣᠮ ᠡᠴᠡ ᠤᠩᠰᠢᠬᠤ 15︽ ᠵᠢᠪᠡᠭᠦᠨ︾ ᠰᠠᠨᠠᠭ᠎ᠠ  ᠳ᠋ ᠊ ᠨᠣᠷᠪᠣ ᠪᠣᠯ ᠮᠣᠩᠭᠣᠯ ᠬᠡᠯᠡ ᠳᠦ ᠤᠷᠠᠨ ᠵᠣᠬᠢᠶᠠᠯ ᠤᠨ ᠶᠢᠷᠲᠢᠨᠴᠦ ᠳ᠋ᠡᠬᠢ ᠮᠠᠰᠢ ᠬᠦᠴᠥᠲᠡᠢ ᠬᠦᠦᠷᠨᠢᠯᠴᠢ᠂ ᠬᠦᠮᠦᠨ ᠦ ᠰᠡᠳᠬᠢᠯ ᠦᠨ ᠤᠲᠠᠰᠤ ᠶᠢ ᠴᠢᠪᠴᠢᠷᠡᠭᠦᠯᠵᠦ ᠴᠢᠪᠴᠢᠷᠡᠭᠦᠯᠵᠦ ᠪᠠᠶᠢᠭᠠᠳ ᠲᠡᠭᠦᠰᠬᠡᠯ ᠳᠦ ᠨᠢ ᠲᠣᠩ ᠬᠢᠲᠡᠯ᠎ᠡ ᠲᠠᠲᠠᠨ ᠲᠠᠯᠪᠢᠵᠤ᠂ ᠳᠦᠷᠢ ᠦᠳ ᠦᠨ ᠰᠡᠳᠬᠢᠯ ᠵᠦᠢ ᠶᠢᠨ ᠨᠠᠷᠢᠨ ᠴᠢᠩᠳᠠ ᠬᠥᠪᠦᠷᠡᠯ ᠡᠴᠡ ᠤᠶᠠᠭᠳᠠᠨ ᠡᠷᠡᠴᠢᠯᠡᠭᠳᠡᠭᠰᠡᠨ ᠤᠩᠰᠢᠭᠴᠢ ᠶᠢᠨ ᠰᠡᠳᠬᠢᠯ ᠵᠦᠢ ᠶᠢ ᠴᠤ ᠪᠠᠰᠠ ᠳᠣᠩᠰᠣᠯᠭᠠᠨ ᠡᠯᠳᠡᠪᠯᠡᠵᠦ ᠴᠢᠳᠠᠳᠠᠭ ᠣᠪᠠᠳᠢᠰ ᠲᠠᠢ ᠵᠣᠬᠢᠶᠠᠯᠴᠢ᠃ ᠲᠡᠭᠦᠨ ᠢ ᠵᠠᠷᠢᠮ ᠤᠩᠰᠢᠭᠴᠢᠳ ᠡᠨᠡ ᠴᠠᠭ ᠦᠶ᠎ᠡ ᠶᠢᠨ ᠮᠣᠩᠭᠣᠯ ᠤᠨ ᠬᠦᠦᠷᠨᠢᠯ ᠵᠣᠬᠢᠶᠠᠯ ᠳᠠᠬᠢ ᠬᠠᠮᠤᠭ ᠤᠨ 《ᠵᠢᠪᠡᠭᠦᠨ》 ᠳᠦᠷᠢ ᠦᠳ ᠢ ᠪᠦᠲᠦᠭᠡᠭᠰᠡᠨ 《ᠵᠢᠪᠡᠭᠦᠨ》 ᠵᠣᠬᠢᠶᠠᠯᠴᠢ ᠭᠡᠬᠦ ᠨᠢ ᠴᠤ ᠪᠤᠢ᠃ ᠲᠡᠭᠦᠨ ᠦ ᠵᠣᠬᠢᠶᠠᠯ ᠪᠦᠲᠦᠭᠡᠯ ᠳᠦ 《ᠵᠢᠪᠡᠭᠦᠨ ᠦᠨᠡᠨ》᠂ 《ᠰᠡᠳᠬᠢᠯ ᠦᠨ ᠤᠶᠠᠩᠭ᠎ᠠ》 ᠠᠯᠢ ᠠᠯᠢ ᠨᠢ ᠲᠡᠩᠴᠡᠭᠦᠦ ᠪᠠᠶᠢᠳᠠᠭ ᠠᠴᠠ ᠵᠣᠬᠢᠶᠠᠯ ᠤᠳ ᠨᠢ ᠤᠩᠰᠢᠭᠴᠢ ᠶᠢᠨ ᠰᠡᠳᠬᠢᠯ ᠳᠦ ᠲᠡᠭᠡᠲᠡᠯ᠎ᠡ ᠪᠡᠨ ᠲᠣᠳᠣ ᠦᠯᠡᠳᠡᠵᠦ᠂ ᠭᠦᠨ ᠰᠡᠳᠬᠢᠭᠳᠡᠯ ᠦᠯᠡᠳᠡᠭᠡᠳᠡᠭ ᠪᠢᠵᠡ ᠡ᠃ ᠡᠨᠡ ᠤᠳᠠᠭ᠎ᠠ ᠳᠤ ᠪᠢᠳᠡ ᠮᠠᠨ ᠤ ᠬᠦᠦᠷᠨᠢᠯ ᠵᠣᠬᠢᠶᠠᠯ ᠤᠨ ᠲᠤᠯᠬᠤᠲᠠᠢ ᠲᠥᠯᠥᠭᠡᠯᠡᠭᠴᠢ᠂ ᠡᠨᠡ ᠴᠠᠭ ᠤᠨ ᠨᠢᠭᠡᠨ ᠡᠲᠡᠭᠡᠳ ᠰᠣᠳᠣᠨ ᠵᠣᠬᠢᠶᠠᠯᠴᠢ ᠳ ᠊ ᠨᠣᠷᠪᠤ ᠶᠢᠨ 《 ᠲᠡᠵᠢᠭᠡᠪᠦᠷᠢ ᠲᠡᠷᠢᠭᠦᠲᠦ ᠰᠢᠯᠢᠮᠡᠯ ᠪᠦᠲᠦᠭᠡᠯ ᠤᠨ ᠴᠢᠭᠤᠯᠭᠠᠨ》 ᠨᠣᠮ ᠠᠴᠠ ᠤᠩᠰᠢᠭᠰᠠᠨ ᠬᠦᠮᠦᠨ ᠦ ᠰᠡᠳᠬᠢᠯ ᠢ ᠡᠷᠬᠡ ᠦᠭᠡᠢ ᠰᠡᠷᠬᠢᠯᠭᠡᠬᠦ ᠳᠠᠷᠠᠭᠠᠬᠢ ᠡᠰᠢᠯᠡᠯ ᠦᠳ ᠢ ᠬᠦᠷᠭᠡᠵᠦ ᠪᠠᠶᠢᠨ᠎ᠠ᠃ 1 ᠪᠣᠷᠣ ᠶᠢ ᠠᠮᠢᠳᠤᠷᠠᠯ ᠤᠨ ᠬᠥᠬᠡ ᠬᠠᠷᠭᠤᠢ ᠪᠠᠷ ᠪᠥᠳᠥᠴᠢᠨ ᠪᠠᠷᠢᠨ ᠭᠡᠯᠳᠦᠷᠢᠬᠦ ᠳᠦ ᠨᠢ ᠶᠠᠷᠰᠢᠭ ᠲᠠᠢ ᠰᠠᠨᠠᠭᠳᠠᠬᠤ ᠡᠳᠦᠷ ᠣᠯᠠᠨ ᠪᠣᠯᠤᠯ᠎ᠠ᠃ ᠠᠮᠢᠳᠤᠷᠠᠯ ᠬᠡᠮᠡᠭᠴᠢ ᠶᠢ ᠦᠯᠢᠭᠡᠷ ᠳᠣᠮᠣᠭ ᠤᠨ ᠭᠠᠶᠢᠬᠠᠮᠰᠢᠭᠲᠤ ᠶᠢᠷᠲᠢᠨᠴᠦ ᠮᠡᠲᠦ ᠪᠣᠳᠣᠵᠤ᠂ ᠲᠡᠷᠡ ᠯᠠ ᠶᠢᠷᠲᠢᠨᠴᠦ ᠳ᠋ᠤ ᠳᠤᠷ᠎ᠠ ᠪᠠᠷ ᠵᠤᠭᠠᠴᠠᠨ᠂ ᠦᠨᠦᠷᠯᠡᠵᠦ ᠠᠮᠲᠠᠯᠠᠬᠤ ᠠᠴᠠ ᠡᠬᠢᠯᠡᠭᠡᠳ ᠲᠠᠪᠤᠨ ᠮᠡᠳᠡᠷᠡᠬᠦᠢ ᠪᠡᠷ ᠢᠶᠡᠨ ᠲᠠᠭᠠᠯᠠᠨ ᠬᠦᠷᠲᠡᠬᠦ ᠶᠢᠨ ᠮᠥᠷᠦᠭᠡᠰᠦᠯ ᠳᠦ ᠪᠣᠭᠲᠣᠯᠠᠭᠤᠯᠵᠤ᠂ ᠤᠬᠠᠭᠠᠨ ᠦᠭᠡᠢ ᠳᠤᠷᠠᠯᠠᠯ ᠤᠨ ᠤᠷᠠᠬᠠᠨ ᠳᠤ ᠣᠷᠣᠭᠠᠳ᠂ ᠵᠥᠩ ᠵᠡᠭᠦᠳᠦᠨ ᠦ ᠲᠩᠷᠢ ᠳᠦ᠂ ᠲᠣᠷᠮᠣᠭᠣᠷ ᠥᠬᠢᠨ ᠤ ᠬᠠᠷ᠎ᠠ ᠨᠢᠳᠦᠨ ᠦ ᠬᠦᠰᠡᠯᠡᠩ ᠦᠨ ᠭᠢᠯᠪᠠᠭ᠎ᠠ ᠮᠡᠲᠦ ᠬᠠᠷᠠᠴᠠᠨ ᠳᠤ ᠪᠤᠢ ᠪᠡᠶ᠎ᠡ ᠮᠢᠨᠢ ᠬᠠᠯᠠᠭᠤ ᠲᠥᠭᠡᠨᠡᠨ ᠰᠢᠲᠠᠵᠤ᠂ ᠵᠢᠷᠦᠬᠡ ᠪᠡᠨ ᠰᠢᠮᠰᠢᠷᠡᠲᠡᠯ᠎ᠡ ᠬᠠᠶᠢᠷᠠᠯᠠᠵᠤ ᠶᠠᠪᠤᠭᠰᠠᠨ ᠮᠢᠨᠢ ᠰᠠᠶ᠋ᠢᠬᠠᠨ ᠮᠡᠲᠦ᠃ ᠭᠡᠲᠡᠯ᠎ᠡ ᠣᠳᠣ ᠤᠬᠠᠭᠠᠨ ᠦᠭᠡᠢ ᠪᠤᠤ ᠬᠡᠯᠡ ᠤᠬᠠᠭᠠᠨ ᠲᠠᠢ ᠳᠤᠷᠠᠯᠠᠬᠤ ᠪᠠᠨ ᠴᠤ ᠪᠣᠯᠢᠭ᠎ᠠ ᠤᠤ ᠳ᠋ᠠ᠃ 2 ᠨᠥᠮᠥᠷᠢ ᠶᠢ ᠨᠢ ᠪᠣᠳᠣᠵᠤ᠂ ᠬᠣᠭ ᠲᠠᠢ ᠵᠢᠯᠠᠭ᠎ᠠ ᠰᠠᠬᠢᠵᠤ ᠬᠡᠪᠲᠡᠭᠰᠡᠨ ᠡᠴᠡ ᠨᠢᠴᠦᠭᠦᠨ ᠬᠢᠷ᠎ᠠ ᠶᠢᠨ ᠣᠷᠣᠢ ᠳᠤ ᠭᠠᠷᠤᠭᠠᠳ ᠳᠠᠭᠠᠷᠠᠵᠤ ᠶᠠᠪᠤᠭᠰᠠᠨ ᠮᠢᠨᠢ ᠳᠡᠭᠡᠷ᠎ᠡ ᠪᠢᠵᠡ ᠳ᠋ᠡ᠃ 3 ᠦᠬᠦᠯ ᠭᠡᠭᠴᠢ ᠨᠢ ᠬᠦᠮᠦᠨ ᠦ ᠪᠡᠶ᠎ᠡ ᠶᠢ ᠣᠭᠣᠷᠴᠣ᠂ ᠬᠣᠷᠣᠬᠠᠢ ᠰᠢᠪᠠᠵᠢᠨ ᠤ ᠰᠠᠷᠪᠠᠭᠤᠨ ᠳᠤ ᠴᠤ ᠪᠣᠯᠲᠤᠭᠠᠢ ᠬᠤᠪᠢᠯᠠᠬᠤᠢ ᠶᠢᠨ ᠴᠢᠨᠠᠷ ᠮᠥᠨ ᠪᠣᠯᠪᠠᠰᠤ ᠡᠨᠳᠡ ᠴᠤᠬᠤᠮ ᠲᠡᠷᠡ ᠮᠥᠬᠥᠯ ᠦᠨ ᠠᠮᠲᠠ ᠮᠡᠳᠡᠷᠡᠭᠳᠡᠬᠦ ᠠᠵᠤᠭᠤ᠃ ᠬᠦᠮᠦᠨ ᠤᠰᠠᠳᠴᠤ ᠪᠣᠯᠤᠨ᠎ᠠ᠂ ᠬᠠᠷᠢᠨ ᠣᠶᠤᠨ ᠤᠬᠠᠭᠠᠨ ᠤᠰᠠᠳᠬᠤ ᠦᠭᠡᠢ ᠭᠡᠳᠡᠭ ᠬᠤᠳᠠᠯ ᠨᠢ ᠡᠨᠳᠡ ᠮᠡᠳᠡᠭᠳᠡᠨ᠎ᠡ᠃ ᠡᠨᠳᠡ ᠤᠷᠢᠳ ᠢᠶᠠᠷ ᠣᠶᠤᠨ ᠰᠡᠳᠬᠢᠯ ᠨᠢ ᠦᠬᠦᠵᠦ᠂ ᠵᠥᠪᠬᠡᠨ ᠬᠦᠮᠦᠨ ᠳᠦᠷᠰᠦ ᠲᠡᠢ ᠠᠮᠢᠲᠠᠨ ᠦᠯᠡᠳᠡᠭᠡᠳ ᠡᠴᠦᠰ ᠲᠦ ᠨᠢ ᠵᠢᠰᠦ ᠬᠤᠪᠢᠷᠠᠭᠠᠨ ᠭᠦᠵᠡᠭᠡ ᠰᠢᠷᠤᠶᠢᠳᠠᠮᠤᠢ᠃ ᠬᠤᠪᠢ ᠵᠠᠶᠠᠭᠠᠨ ᠤ ᠡᠨᠡ ᠵᠣᠭᠰᠣᠭᠠᠯ ᠳᠤ ᠢᠷᠡᠭᠰᠡᠳ ᠠᠮᠢᠳᠤᠷᠠᠬᠤᠢ ᠶᠢᠨ ᠡᠴᠦᠰ ᠦᠨ ᠡᠨᠡ ᠠᠮᠲᠠ ᠶᠢ ᠲᠠᠨᠢᠮᠠᠭᠴᠠ ᠪᠤᠰᠢᠭᠤᠬᠠᠨ ᠲᠣᠨᠢᠯᠭᠠᠬᠤ ᠶᠢ ᠪᠤᠷᠬᠠᠨ ᠪᠠᠭᠰᠢ ᠠᠴᠠ ᠭᠤᠶᠤᠨ ᠵᠠᠯᠪᠠᠷᠢᠭᠰᠠᠭᠠᠷ ᠬᠠᠷᠠᠬᠤ ᠳᠤ ᠪᠠᠷ᠎ᠠ ᠨᠢ ᠤᠬᠠᠭᠠᠨ ᠪᠦᠳᠦᠷᠢᠮ᠎ᠡ᠂ ᠰᠤᠨᠤᠰᠬᠤ ᠳᠠᠭᠤ ᠨᠢ ᠠᠳᠠ ᠵᠡᠳᠬᠡᠷ ᠢ ᠰᠠᠨᠠᠭᠳᠠᠭᠤᠯᠤᠮ᠎ᠠ ᠪᠣᠯᠬᠤ ᠠᠭᠠᠳ ᠡᠷᠯᠢᠭ ᠦᠨ ᠡᠯᠴᠢ ᠶᠢ ᠪᠠᠷᠢᠵᠤ ᠠᠪᠬᠤ ᠭᠡᠰᠡᠨ ᠮᠡᠲᠦ ᠭᠡᠲᠡᠨ ᠮᠢᠷᠢᠶᠠᠨ ᠰᠡᠭᠦᠳᠡᠭᠡᠨᠡᠨ ᠲᠡᠮᠲᠡᠴᠢᠬᠦ ᠨᠢ ᠴᠢᠳᠬᠥᠷ ᠪᠠᠬᠠᠳᠤᠮ᠎ᠠ᠃ 4 ᠠᠯᠢᠮᠠᠨ ᠰᠠᠷᠠᠨ ᠤ ᠪᠥᠵᠥᠩᠲᠦ ᠨᠢᠭᠤᠷ ᠲᠤ ᠡᠵᠢ ᠶᠢᠨ ᠮᠢᠨᠢ ᠴᠢᠷᠠᠢ ᠲᠣᠳᠣᠷᠠᠵᠤ᠂ ᠲᠦᠳᠡᠭ ᠦᠨ ᠭᠡᠷᠡᠯ ᠳᠦ ᠲᠠᠯ᠎ᠠ ᠰᠡᠭᠦᠳᠡᠷᠲᠦᠭᠰᠡᠨ ᠬᠦᠦ ᠶᠢᠨ ᠢᠶᠡᠨ ᠨᠢᠭᠤᠷ ᠢ ᠬᠠᠷᠠᠭᠠᠳ ᠪᠠᠶᠢᠬᠤ ᠰᠢᠭ᠃ ᠭᠢᠲ᠋ᠠᠷ ᠤᠨ ᠤᠲᠠᠰᠤ ᠴᠢᠴᠢᠭᠢᠨᠡᠨ ᠴᠤᠷᠬᠢᠷᠠᠬᠤ ᠳᠤ ᠪᠠᠷᠠᠭᠠᠨ ᠣᠢ ᠶᠢᠨ ᠨᠠᠪᠴᠢᠰ ᠳᠣᠷᠭᠢᠵᠤ ᠡᠵᠢ ᠶᠢᠨ ᠲᠤᠬᠠᠢ ᠳᠠᠭᠤᠨ ᠳᠤ ᠤᠶᠠᠷᠠᠨ᠂ ᠬᠦᠢᠲᠡᠨ ᠰᠢᠭᠦᠳᠡᠷᠢ ᠪᠡᠨ ᠤᠨᠠᠭᠠᠵᠤ ᠪᠠᠶᠢᠨ᠎ᠠ ᠤᠤ ᠭᠡᠵᠦ ᠪᠣᠳᠣᠭᠳᠠᠯ᠎ᠠ᠃ ᠡᠵᠢ ᠶᠢᠨ ᠢᠶᠡᠨ ᠲᠤᠬᠠᠢ ᠰᠠᠶᠢᠬᠠᠨ ᠳᠠᠭᠤᠯᠠᠮᠠᠷ ᠰᠠᠨᠠᠭᠳᠠᠨ ᠬᠣᠭᠣᠯᠠᠢ ᠴᠡᠭᠡᠯᠰᠢᠭᠡᠳ ᠢᠷᠡᠪᠡ᠃ ᠬᠡᠳᠦᠨ ᠠᠷᠪᠠᠨ ᠬᠣᠨᠣᠭ ᠴᠡᠭᠡᠵᠢᠨ ᠳᠡᠭᠡᠷ᠎ᠡ ᠳᠠᠷᠤᠵᠤ ᠪᠥᠭᠯᠡᠷᠡᠭᠦᠯᠦᠨ ᠪᠠᠶᠢᠭᠰᠠᠨ ᠪᠠᠷᠠᠭᠠᠨ ᠶᠠᠭᠤᠮ᠎ᠠ ᠭᠡᠨᠡᠳᠲᠡ ᠵᠠᠳᠠ ᠦᠰᠦᠷᠴᠥ᠂ ᠳᠣᠲᠣᠷ᠎ᠠ ᠰᠡᠳᠬᠢᠯ ᠳᠦ ᠬᠤᠷᠠᠯᠳᠤᠭᠰᠠᠨ ᠭᠤᠨᠢᠭ ᠬᠠᠷᠠᠭᠤᠰᠤᠯ᠂ ᠠᠲᠠᠭ᠎ᠠ ᠬᠣᠷᠣᠰᠤᠯ᠂ ᠵᠢᠭᠰᠢᠯ ᠵᠢᠪᠡᠭᠦᠴᠡᠯ᠂ ᠶᠡᠷᠦ ᠶᠠᠭᠤᠮ᠎ᠠ ᠪᠦᠬᠦᠨ ᠢ ᠮᠢᠨᠢ ᠤᠭᠢᠶᠠᠨ ᠠᠷᠢᠭᠤᠯᠠᠵᠤ ᠪᠠᠶᠢᠨ᠎ᠠ ᠤᠤ ᠳ᠋ᠠ ᠭᠡᠮᠡᠷ ᠪᠠᠶᠢᠯ᠎ᠠ᠃ 5 ᠡᠨᠳᠡ ᠶᠠᠭᠤᠮ᠎ᠠ ᠪᠦᠬᠦᠨ ᠪᠤᠢ ᠰᠢᠭ ᠠᠲᠠᠯ᠎ᠠ ᠶᠠᠭᠤᠮ᠎ᠠ ᠪᠦᠬᠦᠨ ᠪᠠᠶᠢᠬᠤ ᠦᠭᠡᠢ᠃ ᠬᠠᠶᠢᠷᠠᠯᠠᠬᠤ᠂ ᠳᠤᠷᠠᠯᠠᠬᠤ᠂ ᠬᠦᠰᠡᠬᠦ ᠲᠡᠮᠡᠦᠯᠬᠦ᠂ ᠠᠯᠳᠠᠬᠤ ᠣᠨᠣᠬᠤ᠂ ᠪᠦᠲᠦᠭᠡᠬᠦ ᠡᠪᠳᠡᠬᠦ ᠭᠡᠳ ᠠᠮᠢᠳᠤ ᠠᠬᠤᠢ ᠶᠢᠨ ᠣᠯᠠᠨ ᠶᠠᠭᠤᠮ᠎ᠠ ᠡᠨᠳᠡ ᠦᠭᠡᠢ᠃ ᠵᠥᠪᠬᠡᠨ ᠬᠦᠯᠢᠶᠡᠬᠦ ᠳᠤᠷᠠᠰᠬᠤ ᠪᠤᠢ᠃ 6 -ᠠᠷᠪᠠᠨ ᠵᠢᠷᠭᠤᠭ᠎ᠠ᠂ ᠳᠣᠯᠣᠭ᠎ᠠ ᠬᠦᠷᠦᠭᠰᠡᠨ ᠥᠬᠢᠳ ᠬᠥᠪᠡᠭᠦᠳ ᠬᠠᠷᠠᠴᠤᠳ ᠢ ᠪᠢᠲᠡᠭᠦᠬᠡᠨ ᠰᠡᠷᠲᠡᠩᠳᠡᠵᠦ᠂ ᠵᠢᠭ ᠵᠤᠭ ᠭᠡᠯᠴᠡᠨ ᠬᠣᠪ ᠬᠥᠭᠡᠭᠡᠴᠡᠯᠳᠦᠭᠰᠡᠭᠡᠷ ᠨᠢᠭᠡ ᠯᠠ ᠮᠡᠳᠡᠬᠦ ᠳᠦ ᠬᠡᠨ ᠨᠢᠭᠡᠨ ᠦ ᠬᠢ ᠨᠢ ᠳᠤᠷᠠᠯᠠᠯ ᠤᠨ ᠤᠷᠠᠬᠠᠨ ᠳᠤ ᠣᠷᠢᠶᠠᠯᠳᠤᠵᠤ᠂ ᠭᠠᠷᠬᠤ ᠲᠡᠩᠬᠡᠯ ᠦᠭᠡᠢ ᠪᠣᠯᠤᠨ᠎ᠠ᠃ ᠲᠡᠭᠡᠮᠡᠭᠴᠡ ᠬᠠᠶᠢᠷ᠎ᠠ ᠰᠡᠳᠬᠢᠯ ᠢᠶᠡᠨ ᠢᠯᠡᠴᠢᠯᠡᠯᠴᠡᠵᠦ ᠦᠨᠡᠨᠴᠢ ᠶᠠᠪᠤᠬᠤ ᠲᠠᠩᠭᠠᠷᠢᠭ ᠡᠷᠭᠦᠵᠦ᠂ ᠪᠤᠰᠢᠭᠤᠬᠠᠨ ᠡᠷ᠎ᠡ ᠡᠮ᠎ᠡ ᠪᠣᠯᠵᠤ᠂ ᠬᠣᠷᠸ᠎ᠠ ᠶᠢᠨ ᠵᠢᠷᠭᠠᠯ ᠡᠳ᠋ᠯᠡᠬᠦ ᠶᠢ ᠶᠠᠭᠠᠷᠠᠪᠠᠴᠤ ᠪᠠᠰᠠ ᠬᠤᠳᠠᠯ ᠢᠴᠢᠩᠭᠦᠷᠡᠨ ᠦᠨᠡᠨᠴᠢ ᠡᠰᠡᠬᠦ ᠶᠢ ᠨᠢ ᠲᠤᠷᠰᠢᠬᠤ ᠢᠨᠢᠶᠡᠳᠦᠮᠲᠦ ᠵᠥᠴᠦᠭᠡ ᠵᠣᠬᠢᠶᠠᠨ ᠲᠣᠭᠯᠠᠵᠤ᠂ ᠲᠡᠭᠦᠨ ᠳᠦ ᠪᠡᠨ ᠢᠲᠡᠭᠡᠭᠡᠳ ᠤᠬᠢᠯᠠᠵᠤ ᠭᠤᠨᠢᠵᠤ᠂ ᠵᠢᠷᠦᠬᠡ ᠪᠡᠨ ᠰᠢᠮᠰᠢᠷᠡᠭᠦᠯᠵᠦ ᠦᠵᠡᠳᠡᠭ ᠶᠤᠮ᠃ ᠡᠭᠦᠨ ᠢ ᠪᠡᠨ ᠦᠨᠡᠨᠴᠢ ᠳᠤᠷᠠᠯᠠᠯ ᠭᠡᠵᠦ ᠪᠣᠳᠣᠬᠤ ᠪᠥᠭᠡᠳ ᠵᠦᠴᠦᠭᠡ ᠳᠠᠭᠤᠰᠤᠮᠠᠭᠴᠠ ᠬᠤᠷᠠᠭᠠᠨ ᠤ ᠬᠤᠷᠠᠭ᠎ᠠ ᠰᠢᠭ ᠨᠢᠯᠴᠠᠭᠠᠢ ᠬᠡᠦᠬᠡᠳ ᠭᠠᠷᠭᠠᠭᠠᠳ᠂ ᠵᠢᠩᠬᠢᠨᠢ ᠳᠤᠷᠠᠯᠠᠬᠤ ᠨᠠᠰᠤᠨ ᠤ ᠴᠡᠭᠡᠨ ᠳᠦ ᠬᠦᠷᠬᠦ ᠳᠦ ᠠᠯᠢ ᠠᠯᠢ ᠨᠢ ᠭᠡᠷ ᠪᠦᠯᠢ ᠶᠢᠨ ᠠᠮᠢᠳᠤᠷᠠᠯ ᠭᠡᠳᠡᠭ ᠡᠴᠡ ᠤᠶᠢᠳᠴᠤ ᠠᠮᠵᠢᠭᠰᠠᠨ᠂ ᠡᠷ᠎ᠡ ᠳᠦ ᠨᠢ ᠥᠭᠡᠷ᠎ᠡ ᠬᠡᠦᠬᠡᠨ ᠰᠠᠶᠢᠬᠠᠨ ᠰᠠᠨᠠᠭᠳᠠᠬᠤ ᠪᠣᠯᠤᠭᠠᠳ᠂ ᠡᠮ᠎ᠡ ᠨᠢ ᠬᠡᠦᠬᠡᠳ ᠲᠡᠢ ᠪᠡᠨ ᠬᠠᠶᠠᠭᠳᠠᠬᠤ ᠦᠭᠡᠢ ᠶᠢᠨ ᠲᠤᠯᠠᠳᠠ ᠬᠠᠷᠠᠳᠠᠵᠤ ᠰᠡᠷᠡᠳᠡᠵᠦ᠂ ᠤᠬᠢᠯᠠᠵᠤ ᠳᠠᠭᠤᠯᠠᠵᠤ᠂ ᠬᠡᠷᠡᠭᠦᠯ ᠠᠮᠠ ᠪᠣᠯᠤᠨ ᠭᠦᠶᠦᠭᠰᠡᠭᠡᠷ ᠨᠢᠭᠡ ᠮᠡᠳᠡᠬᠦ ᠳᠦ ᠭᠤᠴᠢ ᠬᠦᠷᠴᠦ ᠰᠠᠷᠨᠢᠮᠠᠬᠠᠢ ᠠᠮᠢᠳᠤᠷᠠᠯ ᠳᠤ ᠳᠠᠰᠴᠢᠬᠠᠵᠤ᠂ ᠨᠠᠶᠢᠵᠠ ᠨᠥᠬᠥᠳ ᠲᠡᠢ ᠪᠡᠨ ᠨᠠᠷᠭᠢᠵᠤ ᠴᠡᠩᠭᠡᠬᠦ ᠨᠢ ᠣᠯᠠᠰᠢᠷᠠᠵᠤ᠂ ᠦᠨᠡᠨᠴᠢ ᠳᠤᠷᠠᠯᠠᠯ ᠪᠠᠶᠢᠳᠠᠭ ᠴᠤ ᠪᠣᠯᠤᠭᠠᠰᠠᠢ ᠭᠡᠵᠦ ᠠᠮᠠ ᠨᠡᠶᠢᠯᠡᠨ ᠭᠠᠰᠢᠭᠤᠳᠠᠵᠤ᠂ ᠬᠡᠨ ᠨᠢᠭᠡ ᠨᠢ ᠲᠡᠷᠡ ᠦᠨᠡᠨᠴᠢ ᠰᠡᠳᠬᠢᠯ ᠢ ᠨᠢ ᠬᠤᠯᠠᠭᠠᠶᠢᠯᠠᠭᠠᠳ ᠠᠪᠴᠢᠬᠠᠭᠰᠠᠨ ᠰᠢᠭ ᠯᠠ ᠬᠠᠷᠠᠭᠤᠰᠤᠨ᠎ᠠ᠃ ᠲᠡᠭᠡᠭᠡᠳ ᠬᠠᠷ᠎ᠠ ᠰᠠᠨᠠᠭᠠᠲᠠᠨ ᠤ ᠭᠠᠢ ᠪᠠᠷ ᠦᠨᠡᠨᠴᠢ ᠳᠤᠷᠠᠯᠠᠯ ᠢ ᠡᠳ᠋ᠯᠡᠵᠦ ᠴᠢᠳᠠᠬᠤ ᠦᠭᠡᠢ ᠪᠣᠯᠵᠤ ᠴᠤᠬᠤᠮ ᠲᠡᠭᠦᠨ ᠡᠴᠡ ᠪᠣᠯᠤᠭᠠᠳ ᠥᠪᠡᠷᠰᠡᠳ ᠢᠶᠡᠨ ᠱᠠᠯᠢᠭᠯᠠᠵᠤ ᠪᠠᠶᠢᠭ᠎ᠠ ᠮᠡᠲᠦ ᠰᠠᠨᠤᠵᠠᠭᠠᠬᠤ ᠠᠲᠠᠯ᠎ᠠ ᠪᠠᠨ ᠥᠪᠡᠷ ᠦᠨ ᠢᠶᠡᠨ ᠥᠷᠥᠭᠡᠰᠦᠨ ᠭᠤᠲᠤᠯ ᠤᠨ ᠫᠠᠶᠠᠩ ᠢ ᠰᠣᠨᠣᠰᠤᠮᠠᠭᠴᠠ ᠲᠤᠶᠢᠯ ᠠᠴᠠ ᠵᠢᠭᠰᠢᠨ ᠲᠣᠬᠣᠭᠤᠷᠬᠠᠨ᠎ᠠ᠃ ᠲᠡᠭᠡᠭᠰᠡᠨ ᠠᠲᠠᠯ᠎ᠠ ᠪᠠᠨ ᠨᠢᠯᠤᠭᠤᠨ ᠭᠤᠨᠢᠭ ᠨᠡᠪᠲᠡ ᠰᠢᠩᠭᠡᠭᠰᠡᠨ ᠳᠠᠭᠤᠤ ᠠᠶᠠᠯᠠᠵᠤ᠂ ᠬᠠᠭᠤᠷᠮᠠᠴᠢ ᠳᠤᠷᠠᠯᠠᠯ ᠤᠨ ᠲᠠᠴᠢᠶᠠᠩᠭᠤᠢ ᠦᠢᠯᠡ ᠶᠢ ᠠᠮᠢᠳᠤ ᠶᠢᠨ ᠵᠢᠷᠭᠠᠯ ᠬᠡᠮᠡᠨ ᠦᠬᠦᠨ ᠬᠠᠲᠠᠨ ᠬᠥᠭᠡᠭᠡᠴᠡᠯᠳᠦᠵᠦ ᠠᠮᠠᠷᠠᠯᠲᠠ ᠶᠢᠨ ᠭᠠᠵᠠᠷ ᠲᠠᠨᠢᠯᠴᠠᠭᠰᠠᠨ ᠵᠠᠭᠤᠷᠠᠳᠤ ᠶᠢᠨ ᠲᠠᠴᠢᠶᠠᠯᠳᠤ ᠢᠨᠠᠭ ᠠᠴᠠ ᠪᠠᠨ ᠬᠠᠭᠠᠴᠠᠨ ᠶᠠᠳᠠᠵᠤ᠂ ᠨᠢᠯᠪᠤᠰᠤ ᠤᠨᠠᠭᠠᠨ᠂ ᠥᠪᠡᠷ ᠢ ᠪᠡᠨ ᠭᠡᠨᠡᠨ ᠪᠠᠯᠴᠢᠷ ᠠᠷᠢᠭᠤᠨ ᠲᠤᠩᠭᠠᠯᠠᠭ ᠪᠦᠰᠡᠭᠦᠢ ᠠᠩᠬ᠎ᠠ ᠤᠳᠠᠭ᠎ᠠ ᠯᠠ ᠡᠶᠢᠨᠬᠦᠦ ᠴᠢᠮ᠎ᠠ ᠳᠤ ᠬᠥᠯ ᠠᠯᠳᠠᠯ᠎ᠠ ᠭᠡᠵᠦ ᠠᠵᠢᠭ ᠦᠭᠡᠢ ᠰᠢᠪᠡᠭᠡᠨᠡᠵᠦ᠂ ᠬᠠᠷᠢᠬᠤ ᠵᠠᠮ ᠳᠤ ᠪᠠᠨ ᠵᠢᠷᠦᠬᠡ ᠰᠢᠮᠰᠢᠷᠡᠭᠦᠯᠪᠠᠴᠤ ᠰᠥᠨᠢ ᠶᠢᠨ ᠪᠣᠷᠣ ᠬᠣᠨᠣᠭ ᠲᠤ ᠡᠷ᠎ᠡ ᠨᠥᠬᠥᠷ ᠦᠨ ᠢᠶᠡᠨ ᠲᠣᠯᠣᠭᠠᠢ ᠶᠢ ᠲᠠᠰᠤ ᠲᠡᠪᠡᠷᠢᠵᠤ᠂ ᠴᠢᠮ᠎ᠠ ᠶᠢ ᠶᠡᠬᠡ ᠰᠠᠨᠠᠭᠰᠠᠨ ᠠᠴᠠ ᠪᠣᠯᠵᠤ ᠦᠬᠦᠬᠦ ᠰᠢᠬᠠᠯ᠎ᠠ ᠭᠡᠵᠦ ᠦᠨᠡᠨ ᠡᠴᠡ ᠪᠡᠨ ᠬᠡᠯᠡᠵᠦ ᠴᠢᠳᠠᠳᠠᠭ ᠡᠬᠡᠨᠡᠷ ᠪᠣᠯᠳᠠᠭ ᠶᠤᠮ ᠳ᠋ᠠ᠃ ᠲᠧᠭᠨᠢᠭ ᠦᠨ ᠪᠣᠭᠣᠯ ᠪᠣᠯᠵᠤ ᠪᠠᠶᠢᠭ᠎ᠠ ᠬᠦᠮᠦᠰ ᠲᠦ ᠦᠨᠡᠨᠴᠢ ᠳᠤᠷᠠᠯᠠᠯ ᠬᠡᠷᠡᠭ ᠦᠭᠡᠢ᠃ ᠳᠤᠷᠠᠯᠠᠯ ᠮᠥᠬᠥᠬᠦ ᠪᠣᠯᠤᠨ᠎ᠠ ᠭᠡᠵᠦ ᠬᠡᠯᠡᠯ᠎ᠡ᠃ - ᠶᠠᠭᠠᠬᠢᠨ᠎ᠠ ᠡ ᠭᠡᠵᠦ ᠪᠦᠰᠡᠭᠦᠢ ᠦᠨᠡᠨ ᠡᠴᠡ ᠪᠡᠨ ᠠᠶᠤᠨ ᠳᠠᠭᠤ ᠠᠯᠳᠠᠪᠠ᠃ 7 ᠪᠢ ᠡᠪᠦᠯ ᠭᠠᠵᠠᠷ ᠤᠨ ᠠᠮᠢ ᠶᠢ ᠬᠠᠳᠠᠭᠠᠯᠠᠨ ᠬᠠᠷᠠᠭᠠᠯᠵᠠᠳᠠᠭ᠂ ᠵᠤᠨ ᠡᠪᠦᠯ ᠢ ᠰᠠᠨᠠᠭᠳᠠᠭᠤᠯᠤᠨ ᠬᠦᠢᠲᠡᠨ ᠢᠶᠡᠷ ᠴᠣᠷᠭᠢᠳᠠᠭ ᠱᠠᠩᠳᠠ ᠤᠰᠤ ᠰᠢᠭ ᠯᠠ ᠪᠠᠶᠢᠬᠤ ᠶᠢ ᠬᠦᠰᠡᠳᠡᠭ᠂ ᠭᠠᠵᠠᠷ ᠤᠨ ᠠᠮᠢ ᠬᠥᠷᠦᠰᠦᠨ ᠳᠦ ᠪᠡᠨ ᠪᠢᠰᠢ᠂ ᠭᠦᠨ ᠳ᠋ᠡᠭᠡᠨ ᠪᠠᠶᠢᠳᠠᠭ ᠭᠡᠳᠡᠭ ᠪᠢᠵᠡ ᠳ᠋ᠡ︖ 8 ᠬᠦᠰᠡᠯ᠎ ᠢᠶᠡᠨ ᠬᠠᠵᠠᠭᠠᠷᠯᠠᠵᠤ᠂ ᠥᠪᠡᠷᠲᠡᠭᠡᠨ ᠳᠠᠶᠢᠰᠤᠨ ᠰᠢᠭ ᠬᠠᠨᠳᠤᠵᠤ᠂ ᠲᠡᠭᠡᠭᠰᠡᠨ ᠢᠶᠡᠷ ᠢᠶᠡᠨ ᠪᠤᠰᠤᠳ ᠲᠤ ᠴᠤ ᠮᠥᠨ ᠲᠡᠶᠢᠮᠦ ᠪᠠᠶᠢᠵᠤ᠂ ᠡᠷᠬᠡᠰᠢᠶᠡᠯ ᠳᠦ ᠪᠡᠨ ᠣᠷᠣᠭᠤᠯᠵᠤ ᠪᠠᠶᠢᠬᠤ ᠨᠢ ᠮᠢᠨᠦ ᠭᠣᠣᠯ ᠬᠦᠰᠡᠯ ᠶᠤᠮ᠃ ᠲᠡᠭᠡᠬᠦ ᠦᠭᠡᠢ ᠪᠣᠯ ᠪᠢ ᠥᠪᠡᠷ ᠢᠶᠡᠨ ᠥᠪᠡᠷᠲᠡᠭᠡᠨ ᠡᠵᠡᠨ ᠪᠠᠶᠢᠵᠤ ᠴᠢᠳᠠᠬᠤ ᠦᠭᠡᠢ᠂ ᠶᠡᠬᠡ ᠯᠠ ᠪᠣᠯ ᠶᠠᠭᠤᠮ᠎ᠠ ᠪᠦᠬᠦᠨ ᠳᠦ ᠠᠭᠤᠰᠳᠠᠭ ᠳᠠᠪᠤᠰᠤ ᠰᠢᠭ ᠠᠷᠠᠴᠢᠭ᠎ᠠ ᠦᠭᠡᠢ ᠠᠮᠢᠲᠠᠨ ᠪᠣᠯᠤᠨ᠎ᠠ᠃ ᠪᠤᠰᠤᠳ ᠲᠤ ᠠᠭᠤᠰᠬᠤ ᠶᠤᠮ ᠪᠣᠯ ᠪᠢ ᠬᠦᠮᠦᠨ ᠪᠢᠰᠢ ᠳᠠᠭᠤᠷᠢᠶᠠᠮᠠᠯ ᠪᠣᠯᠤᠨ᠎ᠠ᠃ ᠭᠡᠲᠡᠯ᠎ᠡ ᠪᠣᠳᠣᠭᠠᠳ ᠪᠠᠶᠢᠪᠠᠯ ᠡᠨᠡ ᠬᠠᠴᠢᠨ ᠠᠮᠢᠳᠤᠷᠠᠯ ᠨᠠᠮ᠎ᠠ ᠶᠢ ᠰᠡᠮᠡᠯᠵᠥ᠂ ᠠᠭᠤᠰᠬᠠᠵᠤ ᠪᠠᠶᠢᠨ᠎ᠠ ᠪᠤᠰᠤ ᠤᠤ︖ 9 ᠦᠬᠦᠯ ᠭᠡᠭᠴᠢ ᠨᠢᠭᠡᠨ ᠬᠦᠮᠦᠨ ᠦ ᠮᠥᠩᠬᠡ ᠨᠣᠶᠢᠷᠰᠤᠭᠰᠠᠨ ᠢᠶᠡᠷ ᠲᠡᠭᠦᠰᠳᠡᠭ ᠶᠠᠭᠤᠮ᠎ᠠ ᠪᠢᠰᠢ᠂ ᠲᠡᠷᠡ ᠬᠦᠮᠦᠨ ᠦ ᠨᠥᠬᠥᠷ ᠳᠠᠶᠢᠰᠤᠨ ᠬᠣᠶᠠᠷ ᠤᠨ ᠰᠡᠳᠬᠢᠯ ᠳᠦ ᠣᠷᠣᠰᠢᠨ ᠪᠠᠶᠢᠳᠠᠭ ᠢ ᠦᠵᠡᠪᠡ᠃ ᠲᠡᠷᠡ ᠬᠦ ᠦᠬᠦᠯ ᠥᠨᠥᠴᠢᠨ ᠬᠣᠴᠣᠷᠤᠭᠰᠠᠨ ᠪᠢᠴᠢᠬᠠᠨ ᠥᠬᠢᠨ ᠤ ᠬᠢ ᠨᠢ ᠵᠢᠷᠦᠬᠡᠨ ᠳᠦ᠂ ᠴᠠᠯ ᠪᠤᠭᠤᠷᠤᠯ ᠪᠣᠯᠤᠭᠰᠠᠨ ᠬᠥᠭᠰᠢᠨ ᠡᠬᠡ ᠶᠢᠨ ᠬᠢ ᠨᠢ ᠰᠡᠳᠬᠢᠯ ᠳᠦ᠂ ᠲᠦᠷᠦᠭᠰᠡᠨ ᠠᠬ᠎ᠠ ᠶᠢᠨ ᠬᠢ ᠨᠢ ᠲᠣᠭᠣᠷᠢᠵᠤ ᠵᠠᠶᠢᠮᠤᠴᠢᠭᠰᠠᠨ ᠦᠭᠡᠨ ᠳᠦ᠂ ᠠᠮᠠᠨᠴᠢᠷ ᠪᠡᠷᠭᠡᠨ ᠦ ᠰᠢᠯᠤᠭᠤᠬᠠᠨ ᠠᠰᠠᠭᠤᠭᠰᠠᠨ ᠠᠰᠠᠭᠤᠯᠲᠠ ᠳᠤ ᠨᠢᠭᠤᠭᠳᠠᠨ ᠪᠠᠶᠢᠭ᠎ᠠ ᠶᠢ ᠦᠵᠡᠪᠡ᠃ ᠡᠨᠳᠡ ᠨᠠᠶᠢᠷᠯᠠᠨ ᠰᠠᠭᠤᠭ᠎ᠠ᠂ ᠮᠠᠭᠤ ᠪᠦᠬᠦᠨ ᠢ ᠤᠮᠠᠷᠲᠠᠨ ᠵᠠᠶᠢᠯᠠᠭᠤᠯᠤᠭᠰᠠᠨ ᠠᠮᠤᠭᠤᠯᠠᠩ ᠴᠢᠷᠠᠢ ᠲᠠᠢ ᠡᠨᠡ ᠬᠦᠮᠦᠰ ᠦᠨ ᠬᠠᠷᠠᠴᠠᠨ ᠳᠤ᠂ ᠥᠷᠯᠥᠭᠡᠬᠡᠨ ᠥᠬᠢᠨ ᠨᠢ ᠪᠤᠯᠢᠶᠠᠨ ᠠᠪᠤᠭᠰᠠᠨ ᠴᠡᠩᠬᠡᠷ ᠳᠡᠪᠡᠯ ᠦᠨ ᠰᠢᠭᠯᠠᠭᠠᠰᠤᠨ ᠳᠤ᠂ ᠬᠡᠰᠢᠭ ᠬᠡᠦᠬᠡᠨ ᠦ ᠬᠣᠨᠢ ᠪᠠᠨ ᠬᠠᠷᠢᠭᠤᠯᠵᠤ ᠶᠠᠪᠤᠭᠰᠠᠨ ᠪᠤᠭᠤᠷᠤᠯ ᠴᠠᠷᠠᠮ ᠳᠤ ᠪᠠᠶᠢᠭ᠎ᠠ ᠶᠢ ᠮᠡᠳᠡᠪᠡ᠃ ᠡᠶᠢᠨᠬᠦᠦ ᠦᠬᠦᠯ ᠲᠡᠢ ᠤᠯᠠᠭᠠᠨ ᠨᠢᠭᠤᠷ ᠢᠶᠡᠷ ᠢᠶᠡᠨ ᠤᠴᠠᠷᠠᠭᠰᠠᠨ ᠢᠶᠠᠨ ᠮᠡᠳᠡᠪᠡ᠃ ᠭᠡᠮ ᠦᠭᠡᠢ ᠴᠢᠷᠠᠶᠢᠯᠠᠨ ᠬᠤᠳᠠᠯ ᠶᠠᠷᠢᠵᠤ ᠰᠠᠭᠤᠭ᠎ᠠ ᠡᠨᠡ ᠪᠠᠽᠠᠷ ᠤᠨ ᠴᠡᠭᠡᠵᠢᠨ ᠳᠦ ᠪᠠᠶᠢᠭ᠎ᠠ ᠦᠬᠦᠯ ᠲᠡᠢ ᠤᠴᠠᠷᠠᠭᠰᠠᠨ ᠢᠶᠠᠨ ᠮᠡᠳᠡᠪᠡ᠃ ᠡᠵᠢ ᠨᠢ ᠲᠠᠭ ᠳᠠᠭᠤ ᠦᠭᠡᠢ᠂ ᠠᠶᠤᠮᠠᠷ ᠴᠢᠷᠠᠶᠢᠯᠠᠨ ᠪᠣᠷᠣ ᠳᠠᠪᠤᠤ ᠶᠢᠨ ᠥᠭᠡᠳᠡᠰᠦᠨ ᠡᠴᠡ ᠵᠠᠬᠢᠶ᠎ᠠ ᠭᠠᠷᠭᠠᠨ ᠥᠭᠴᠦ -ᠡᠭᠦᠨ ᠢ ᠴᠢ ᠶᠠᠭᠠᠬᠢᠬᠤ ᠭᠡᠵᠦ ᠪᠢᠴᠢᠭᠰᠡᠨ ᠶᠤᠮ᠃ ᠶᠠᠮᠠᠷ ᠲᠠᠩᠭᠠᠷᠢᠭ ᠤᠨ ᠲᠤᠬᠠᠢ ᠪᠢᠴᠢᠭᠰᠡᠨ ᠶᠤᠮ ᠭᠡᠵᠦ ᠲᠤᠯᠭᠠᠨ ᠠᠰᠠᠭᠤᠭᠠᠳ ᠬᠠᠭᠤᠷᠠᠢ ᠴᠢᠢᠯᠡᠭᠡᠷ ᠨᠢᠳᠦ ᠪᠡᠷ ᠳᠠᠯᠳᠢᠷᠲᠠᠯ᠎ᠠ ᠰᠢᠷᠲᠡᠭᠰᠡᠨ ᠦᠶ᠎ᠡ ᠳᠦ ᠦᠬᠦᠯ ᠲᠡᠢ ᠤᠴᠠᠷᠠᠪᠠ᠃ 10 ᠡᠷᠢᠶᠡᠨ ᠪᠠᠷᠠᠭᠠᠨ᠂ ᠴᠣᠭᠣᠷᠠᠬᠠᠢ ᠰᠡᠮᠡᠷᠬᠡᠢ ᠲᠡᠢ᠂ ᠪᠠᠰᠠ ᠨᠡᠭᠦᠵᠦ ᠬᠤᠪᠢᠷᠠᠵᠤ᠂ ᠰᠠᠯᠵᠤ ᠨᠡᠶᠢᠯᠡᠵᠦ ᠪᠠᠶᠢᠭ᠎ᠠ ᠲᠡᠷᠡ ᠡᠭᠦᠯᠡᠰ ᠶᠠᠭ ᠮᠢᠨᠦ ᠰᠡᠳᠬᠢᠯ ᠰᠢᠭ ᠰᠠᠨᠠᠭᠳᠠᠯ᠎ᠠ᠃ 11 ᠰᠡᠳᠬᠢᠯ ᠳᠦ ᠤᠶᠢᠳᠬᠠᠷ ᠬᠥᠪᠥᠯᠵᠡᠨ᠎ᠡ᠃ ᠬᠠᠷᠢᠬᠤ ᠴᠤ ᠳᠤᠷ᠎ᠠ ᠬᠦᠷᠬᠦ ᠦᠭᠡᠢ᠃ ᠬᠠᠷᠢᠪᠠᠯ ᠭᠠᠭᠴᠠᠭᠠᠷᠳᠠᠵᠤ ᠪᠦᠷ ᠤᠶᠢᠳᠤᠨ᠎ᠠ᠃ ᠠᠵᠢᠯ᠂ ᠨᠣᠮ ᠬᠣᠶᠠᠷ ᠢᠶᠠᠷ ᠵᠢᠷᠦᠬᠡ ᠪᠡᠨ ᠳᠠᠷᠤᠨ᠎ᠠ᠃ ᠤᠶᠢᠳᠬᠤ ᠶᠢ ᠬᠦᠴᠦ ᠪᠡᠷ ᠳᠠᠷᠤᠵᠤ᠂ ᠶᠠᠭᠤᠨ ᠳᠤ ᠴᠤ ᠪᠣᠯᠪᠠ᠂ ᠮᠥᠰᠥ ᠰᠢᠭ ᠬᠦᠢᠲᠡᠨ ᠪᠠᠶᠢᠬᠤ ᠴᠢᠳᠠᠪᠤᠷᠢ ᠪᠠᠨ ᠠᠯᠳᠠᠵᠤ ᠪᠠᠶᠢᠨ᠎ᠠ ᠤᠤ︖ 12 ᠬᠥᠲᠡᠢ ᠨᠢᠭᠡᠨ ᠪᠠᠨᠳᠢ ᠡᠶᠢᠨᠬᠦᠦ ᠦᠯᠦ ᠮᠡᠳᠡᠬᠦ ᠰᠣᠨᠢᠨ ᠪᠠᠶᠠᠷ ᠲᠦᠭᠰᠢᠭᠦᠷᠢ ᠶᠢ ᠬᠣᠣᠰᠯᠠᠭᠤᠯᠤᠨ᠂ ᠵᠢᠷᠦᠬᠡᠨ ᠦ ᠬᠢ ᠪᠡᠨ ᠨᠢᠭᠡ ᠯᠠ ᠰᠣᠳᠣᠨ ᠯᠤᠭᠰᠢᠯᠲᠠ ᠶᠢ ᠳᠥᠩᠭᠡᠵᠢ ᠮᠡᠳᠡᠷᠡᠨ ᠵᠣᠭᠰᠣᠭ᠎ᠠ ᠶᠢ ᠲᠡᠷᠡ ᠬᠡᠷᠬᠢᠨ ᠮᠡᠳᠡᠬᠦ ᠪᠢᠯᠡ᠃ 13 ᠪᠦᠬᠦ ᠬᠦᠮᠦᠰ ᠶᠠᠭᠤᠮ᠎ᠠ ᠶᠢ ᠮᠠᠷᠲᠠᠩᠨᠠᠵᠤ᠂ ᠰᠠᠭᠠᠳᠠᠵᠤ᠂ ᠴᠡᠩᠭᠡᠯ ᠨᠠᠭᠠᠳᠤᠮ ᠳᠤ ᠵᠢᠯᠣᠭᠤ ᠪᠠᠨ ᠰᠤᠯᠠᠳᠬᠠᠵᠤ᠂ ᠲᠠᠰᠢᠭᠤᠷᠠᠵᠤ ᠴᠢᠳᠠᠳᠠᠭ ᠪᠠᠶᠢᠬᠤ ᠳᠤ ᠪᠢ ᠬᠣᠷᠤᠮ ᠤᠨ ᠲᠡᠳᠦᠢ ᠴᠤ ᠠᠯᠮᠠᠶᠢᠷᠠᠵᠤ ᠮᠠᠷᠲᠠᠩᠨᠠᠵᠤ ᠴᠢᠳᠠᠳᠠᠭ ᠦᠭᠡᠢ᠃ ᠬᠦᠮᠦᠰ ᠪᠡᠶ᠎ᠡ ᠰᠡᠳᠬᠢᠯ ᠢᠶᠡᠨ ᠵᠥᠩ ᠳᠦ ᠨᠢ ᠲᠠᠯᠪᠢᠵᠤ ᠣᠶᠤᠨ ᠤᠬᠠᠭᠠᠨ ᠤ ᠬᠢ ᠪᠠᠨ ᠬᠥᠪᠴᠢ ᠶᠢ ᠰᠤᠯᠠᠯᠠᠵᠤ᠂ ᠠᠮᠠᠷᠠᠵᠤ ᠴᠡᠩᠭᠡᠵᠦ ᠴᠢᠳᠠᠳᠠᠭ ᠪᠠᠶᠢᠬᠤ ᠳᠤ ᠪᠢ ᠣᠭᠲᠣᠬᠠᠨ ᠴᠤ ᠴᠢᠳᠠᠬᠤ ᠦᠭᠡᠢ᠃ ᠥᠴᠥᠬᠡᠨ ᠵᠦᠢᠯ ᠢ ᠴᠤ ᠭᠡᠰᠡᠨ ᠢᠮᠠᠭᠲᠠ ᠤᠴᠢᠷ ᠤᠳᠬ᠎ᠠ ᠲᠠᠢ ᠪᠣᠯᠭᠠᠵᠤ᠂ ᠥᠪᠡᠷ ᠢ ᠪᠡᠨ ᠪᠣᠯᠤᠨ ᠪᠤᠰᠤᠳ ᠢ ᠰᠡᠵᠢᠭᠯᠡᠨ ᠬᠠᠷᠠᠳᠠᠵᠤ᠂ ᠠᠵᠢᠭᠯᠠᠵᠤ᠂ ᠲᠡᠭᠦᠨ ᠳᠦ ᠬᠡᠷᠬᠢᠨ ᠬᠠᠷᠢᠭᠤᠯᠬᠤ ᠪᠠᠨ ᠪᠣᠳᠣᠵᠤ ᠪᠠᠶᠢᠳᠠᠭ᠃ ᠡᠨᠡ ᠪᠣᠯ ᠮᠢᠨᠦ ᠵᠣᠪᠠᠯᠠᠩ᠂ ᠮᠢᠨᠦ ᠳᠤᠲᠠᠭᠳᠠᠯ᠃ 14 ᠪᠢ ᠡᠶᠢᠨᠬᠦᠦ ᠪᠡᠷᠲᠡᠭᠴᠢᠨ ᠤᠶᠠᠷᠠᠩᠭᠤᠢ ᠵᠥᠴᠦᠭᠡ ᠨᠠᠶᠢᠷᠠᠭᠤᠯᠤᠨ ᠲᠣᠭᠯᠠᠭᠤᠯᠤᠭᠰᠠᠨ ᠳᠤ ᠪᠠᠨ ᠪᠠᠬ᠎ᠠ ᠬᠠᠨᠵᠤ ᠪᠠᠶᠢᠪᠠᠴᠤ ᠠᠲᠠᠭ᠎ᠠ ᠬᠣᠷᠣᠰᠤᠯ ᠴᠡᠭᠡᠵᠢᠨ ᠳᠦ ᠰᠡᠷᠡᠪᠡ᠃ ᠬᠠᠷᠢᠨ ᠢᠨᠠᠭ ᠤᠨ ᠵᠦᠴᠦᠭᠡ ᠶᠢᠨ ᠭᠣᠣᠯ ᠳᠦᠷᠢ ᠳᠦ ᠲᠣᠭᠯᠠᠭᠰᠠᠨ ᠬᠣᠶᠠᠷ ᠮᠠᠨᠢ ᠣᠳᠣ ᠶᠠᠭᠠᠬᠢᠬᠤ ᠪᠠᠨ ᠮᠡᠳᠡᠬᠦ ᠪᠡᠨ ᠪᠠᠶᠢᠵᠤ ᠪᠣᠳᠣᠯ ᠳᠤ ᠳᠠᠷᠤᠭᠳᠠᠨ ᠰᠠᠭᠤᠨ᠎ᠠ᠃ 15 ᠪᠦᠰᠡᠭᠦᠢ ᠤᠬᠢᠯᠠᠵᠤ ᠤᠨᠵᠢᠵᠤ ᠪᠡᠶ᠎ᠡ ᠪᠡᠨ ᠵᠥᠩ ᠢᠶᠡᠷ ᠨᠢ ᠲᠠᠯᠪᠢᠭᠰᠠᠨ ᠪᠣᠯ ᠨᠠᠳᠠ ᠪᠠᠷ ᠬᠠᠮᠤᠭ ᠤᠨ ᠬᠠᠲᠠᠭᠤ ᠴᠡᠭᠡᠷ ᠲᠡᠢ ᠦᠭᠡ ᠬᠡᠯᠡᠭᠦᠯᠬᠦ ᠪᠠᠶᠢᠯ᠎ᠠ᠃ ᠲᠡᠭᠡᠭᠡ ᠦᠭᠡᠢ ᠤᠴᠢᠷ ᠠᠴᠠ ᠵᠢᠷᠦᠬᠡ ᠣᠭᠰᠢᠵᠤ᠂ ᠨᠢᠯᠪᠤᠰᠣᠨ ᠠᠴᠠ ᠭᠠᠰᠢᠭᠤᠨ ᠴᠢᠰᠤ ᠪᠦᠬᠦ ᠪᠡᠶ᠎ᠡ ᠪᠡᠷ ᠲᠦᠭᠡᠭᠡᠬᠦ ᠰᠢᠭ ᠪᠣᠯᠪᠠ᠃ - ᠴᠢᠮ᠎ᠠ ᠶᠢ ᠵᠣᠪᠠᠭᠠᠴᠢᠬᠠᠪᠠ ᠤᠤ ᠳ᠋ᠠ᠂ ᠨᠠᠶᠢᠵᠠ ᠨᠢ᠃ ᠳᠠᠬᠢᠭᠠᠳ ᠲᠡᠭᠡᠬᠦ ᠦᠭᠡᠢ᠃ ᠮᠢᠨᠦ ᠨᠠᠶᠢᠵᠠ ᠲᠠᠶᠢᠪᠤᠰᠢᠷᠠ︕ ᠭᠡᠳ ᠴᠡᠩᠭᠡᠯ ᠴᠦᠩᠬᠦ ᠡᠴᠡ ᠪᠡᠨ ᠴᠠᠭᠠᠰᠤᠨ ᠳᠤ ᠬᠤᠯᠳᠠᠭᠰᠠᠨ ᠨᠢᠮᠭᠡᠨ ᠶᠠᠭᠤᠮ᠎ᠠ ᠭᠠᠷᠭᠠᠵᠤ ᠰᠢᠷᠡᠭᠡᠨ ᠳᠡᠭᠡᠷ᠎ᠡ ᠲᠠᠯᠪᠢᠭᠠᠳ -ᠰᠡᠭᠦᠯ ᠳᠦ ᠦᠵᠡᠭᠡᠷᠡᠢ︕ ᠭᠡᠰᠡᠨ ᠢᠶᠡᠨ ᠣᠭᠵᠣᠮ ᠡᠷᠭᠢᠵᠦ ᠨᠠᠳᠠ ᠠᠴᠠ ᠵᠢᠭᠤᠳᠠᠬᠤ ᠮᠡᠲᠦ ᠲᠦᠷᠭᠡᠨ ᠭᠠᠷᠤᠯ᠎ᠠ᠃ ᠪᠢ ᠭᠥᠯᠢᠷᠡᠨ ᠰᠠᠭᠤᠭᠰᠠᠭᠠᠷ ᠬᠡᠵᠢᠶ᠎ᠡ ᠬᠣᠶᠢᠨ᠎ᠠ ᠦᠯᠡᠳᠡᠭᠡᠭᠰᠡᠨ ᠶᠠᠭᠤᠮ᠎ᠠ ᠶᠢ ᠨᠢ ᠵᠠᠳᠠᠯᠤᠯ᠎ᠠ᠃ ᠪᠢᠴᠢᠬᠠᠨ ᠴᠡᠭᠡᠵᠢ ᠵᠢᠷᠤᠭ ᠤᠨ ᠢᠶᠠᠨ ᠠᠷᠤ ᠳᠤ 《ᠨᠣᠬᠠᠢ ᠮᠡᠲᠦ ᠦᠨᠡᠨᠴᠢ》 ᠭᠡᠵᠦ ᠪᠢᠴᠢᠭᠰᠡᠨ ᠪᠠᠶᠢᠯ᠎ᠠ᠃

4        0       

                             13847524386      211429899@qq.com      13847524386   QQ  211429899 蒙ICP备17002503号-1