  ᠲᠦᠮᠡᠲᠦ ᠰᠢᠨ᠎ᠡ       
     ᠦᠦᠰᠢᠨ  ᠭᠠᠯᠠᠭᠤᠲᠤ 
   2017-07-25 10:54
   2024-01-05 18:54
   1792096
   1251

ᠮᠣᠩᠭᠣᠯ ᠬᠡᠯᠡ ᠲᠡᠢ ᠴᠤ ᠬᠠᠷᠢ ᠰᠡᠳᠬᠢᠯ ᠲᠡᠢ ᠬᠦᠮᠦᠰ ᠣᠯᠠᠰᠢᠷᠠᠬᠤ ᠪᠤᠢ ᠭᠡᠳᠡᠭ ᠡᠴᠡ ᠯᠠ ᠪᠣᠯᠭᠣᠮᠵᠢᠯᠠᠳᠠᠭ

ᠴᠠᠬᠢᠭᠤᠷ ᠤᠨ ᠬᠥᠨᠳᠡᠢ ᠳᠦ ᠫᠷᠣᠭ᠍ᠷᠠᠮ ᠬᠠᠩᠭᠠᠮᠵᠢ ᠶᠢᠨ ᠠᠬᠠᠯᠠᠬᠤ ᠢᠨᠵᠧᠨᠧᠷ ᠢᠶᠡᠷ 16 ᠳᠠᠬᠢ ᠵᠢᠯ ᠳᠦ ᠪᠡᠨ ᠠᠵᠢᠯᠯᠠᠵᠤ ᠪᠤᠢ ᠺᠣᠮᠫᠢᠶᠦ᠋ᠲ᠋ᠧᠷ ᠦᠨ ᠤᠬᠠᠭᠠᠨ ᠤ ᠳ᠋ᠣᠺᠲ᠋ᠣᠷ ᠱ ∙ ᠪᠠᠭᠠᠲᠤᠷ ᠢ ᠡᠨᠡ ᠤᠳᠠᠭ᠎ᠠ ᠶᠢᠨ ᠳᠡᠯᠡᠬᠡᠢ ᠶᠢᠨ ᠮᠣᠩᠭᠤᠯ ᠪᠤᠯᠤᠩ ᠳ᠋ᠠᠭᠠᠨ ᠤᠷᠢᠵᠤ ᠶᠠᠷᠢᠯᠴᠠᠯ᠎ᠠ᠃
        10683     
2018-09-27 07:57    
发表于:内蒙古
ᠱ ∙ ᠪᠠᠭᠠᠲᠤᠷ᠄ ᠮᠣᠩᠭᠣᠯ ᠬᠡᠯᠡ ᠲᠡᠢ ᠴᠤ ᠬᠠᠷᠢ ᠰᠡᠳᠬᠢᠯ ᠲᠡᠢ ᠬᠦᠮᠦᠰ ᠣᠯᠠᠰᠢᠷᠠᠬᠤ ᠪᠤᠢ ᠭᠡᠳᠡᠭ ᠡᠴᠡ ᠯᠠ ᠪᠣᠯᠭᠣᠮᠵᠢᠯᠠᠳᠠᠭ ᠴᠠᠬᠢᠭᠤᠷ ᠤᠨ ᠬᠥᠨᠳᠡᠢ ᠳᠦ ᠫᠷᠣᠭ᠍ᠷᠠᠮ ᠬᠠᠩᠭᠠᠮᠵᠢ ᠶᠢᠨ ᠠᠬᠠᠯᠠᠬᠤ ᠢᠨᠵᠧᠨᠧᠷ ᠢᠶᠡᠷ 16 ᠳᠠᠬᠢ ᠵᠢᠯ ᠳᠦ ᠪᠡᠨ ᠠᠵᠢᠯᠯᠠᠵᠤ ᠪᠤᠢ ᠺᠣᠮᠫᠢᠶᠦ᠋ᠲ᠋ᠧᠷ ᠦᠨ ᠤᠬᠠᠭᠠᠨ ᠤ ᠳ᠋ᠣᠺᠲ᠋ᠣᠷ ᠱ ∙ ᠪᠠᠭᠠᠲᠤᠷ ᠢ ᠡᠨᠡ ᠤᠳᠠᠭ᠎ᠠ ᠶᠢᠨ ᠳᠡᠯᠡᠬᠡᠢ ᠶᠢᠨ ᠮᠣᠩᠭᠤᠯ ᠪᠤᠯᠤᠩ ᠳ᠋ᠠᠭᠠᠨ ᠤᠷᠢᠵᠤ ᠶᠠᠷᠢᠯᠴᠠᠯ᠎ᠠ᠃ ᠣᠷᠣᠰ ᠬᠣᠯᠪᠣᠭᠠᠨ ᠤ ᠤᠯᠤᠰ ᠳᠦ ᠫᠷᠣᠭ᠍ᠷᠠᠮ ᠬᠠᠩᠭᠠᠮᠵᠢ ᠶᠢᠨ ᠮᠡᠷᠭᠡᠵᠢᠯ ᠡᠵᠡᠮᠰᠢᠭᠰᠡᠨ ᠲᠡᠷᠡᠪᠡᠷ ᠦᠢᠯᠡᠳᠪᠦᠷᠢᠯᠡᠯ᠂ ᠲᠧᠭᠨᠣᠯᠣᠭᠢ ᠥᠨᠳᠥᠷ ᠬᠥᠭᠵᠢᠭᠰᠡᠨ ᠶᠠᠫᠣᠨ᠂ ᠠᠮᠧᠷᠢᠺᠠ ᠶᠢᠨ ᠨᠢᠭᠡᠳᠦᠭᠰᠡᠨ ᠤᠯᠤᠰ ᠵᠡᠷᠭᠡ ᠣᠷᠣᠨ ᠨᠤᠭᠤᠳ ᠲᠤ ᠠᠵᠢᠯᠯᠠᠨ ᠣᠯᠠᠨ ᠲᠠᠯ᠎ᠠ ᠶᠢᠨ ᠲᠤᠷᠰᠢᠯᠭ᠎ᠠ ᠬᠤᠷᠠᠮᠲᠤᠯᠠᠭᠤᠯᠵᠠᠢ᠃ ᠲᠡᠭᠦᠨᠴᠢᠯᠡᠨ ᠲᠡᠷᠡ ᠪᠡᠷ ᠾᠠᠷᠸᠠᠷᠳ᠋᠂ ᠮᠠᠰᠰᠠᠴᠢᠧᠰᠲ ᠦᠨ ᠲᠧᠭᠨᠣᠯᠣᠭᠢ ᠶᠢᠨ ᠳᠡᠭᠡᠳᠦ ᠰᠤᠷᠭᠠᠭᠤᠯᠢ ᠶᠢᠨ ᠬᠠᠮᠲᠤᠷᠠᠭᠰᠠᠨ ᠠᠨᠠᠭᠠᠬᠤ ᠤᠬᠠᠭᠠᠨ᠂ ᠲᠸᠭ᠍ᠨᠣᠯᠣᠭᠢ ᠶᠢᠨ ᠲᠡᠩᠬᠢᠮ ᠳᠦ ᠰᠤᠳᠤᠯᠭ᠎ᠠ ᠬᠢᠵᠦ ᠪᠠᠶᠢᠭᠰᠠᠨ ᠵᠠᠮᠨᠠᠯ ᠲᠠᠢ᠃ ᠱ ∙ ᠪᠠᠭᠠᠲᠤᠷ ᠭᠤᠸᠠᠢ ᠮᠡᠳᠡᠭᠡᠯᠡᠯ ᠦᠨ ᠲᠧᠭᠨᠣᠯᠣᠭᠢ ᠶᠢᠨ ᠮᠡᠷᠭᠡᠵᠢᠯ ᠲᠡᠢ ᠴᠤ ᠲᠡᠦᠬᠡ ᠰᠤᠳᠤᠯᠤᠯ ᠢᠶᠠᠷ ᠣᠯᠠᠨ ᠳ᠋ᠤ ᠲᠠᠨᠢᠭᠳᠠᠭᠰᠠᠨ ᠲᠡᠳᠦᠢ ᠦᠭᠡᠢ ᠰᠲᠡᠨᠹᠣᠷᠳ᠋ ᠍ ᠤᠨ ᠶᠡᠬᠡ ᠰᠤᠷᠭᠠᠭᠤᠯᠢ ᠶᠢᠨ ᠵᠡᠭᠦᠨ ᠡᠮᠦᠨᠡᠲᠦ ᠠᠽᠢᠶ᠎ᠠ ᠶᠢᠨ ᠬᠡᠯᠡ ᠰᠤᠶᠤᠯ ᠰᠤᠳᠤᠯᠤᠯ ᠤᠨ ᠲᠡᠩᠬᠢᠮ ᠳᠦ᠂ ᠮᠥᠨ ᠪᠧᠷᠺᠯᠧᠢ ᠳ᠋ᠡᠬᠢ ᠺᠠᠯᠢᠹᠣᠷᠨᠢ ᠶᠢᠨ ᠶᠡᠬᠡ ᠰᠤᠷᠭᠠᠭᠤᠯᠢ ᠶᠢᠨ ᠵᠡᠭᠦᠨ ᠡᠮᠦᠨᠡᠲᠦ ᠠᠽᠢᠶ᠎ᠠ ᠰᠤᠳᠤᠯᠤᠯ ᠤᠨ ᠬᠦᠷᠢᠶᠡᠯᠡᠩ ᠳᠦ ᠵᠣᠴᠢᠨ ᠡᠷᠳᠡᠮᠲᠡᠨ ᠢᠶᠡᠷ ᠠᠵᠢᠯᠯᠠᠭᠰᠠᠨ ᠲᠤᠷᠰᠢᠯᠭ᠎ᠠ ᠲᠠᠢ᠃ ᠬᠦᠮᠦᠨ ᠨᠢᠭᠡ ᠵᠦᠢᠯ ᠢᠶᠡᠷ ᠢᠶᠡᠨ ᠳᠠᠩᠨᠠᠨ ᠬᠢᠴᠢᠶᠡᠯᠯᠡᠵᠦ ᠠᠮᠵᠢᠯᠲᠠ ᠭᠠᠷᠭᠠᠬᠤ ᠪᠣᠯᠤᠮᠵᠢ ᠲᠠᠢ᠃ ᠬᠠᠷᠢᠨ ᠬᠣᠶᠠᠷ ᠤᠨ ᠬᠣᠶᠠᠷ ᠺᠠᠷᠢᠶᠡᠷ ᠬᠥᠭᠡᠭᠡᠵᠦ ᠬᠣᠶᠠᠭᠤᠯᠠᠨ ᠳᠤ ᠨᠢ ᠠᠮᠵᠢᠯᠲᠠ ᠳᠤ ᠬᠦᠷᠥᠨ᠎ᠡ ᠭᠡᠳᠡᠭ ᠠᠮᠠᠷ ᠦᠭᠡᠢ᠃ ᠲᠡᠭᠦᠨ ᠦ ᠠᠮᠵᠢᠯᠲᠠ᠂ ᠠᠵᠢᠯ ᠠᠮᠢᠳᠤᠷᠠᠯ ᠤᠨ ᠬᠢ ᠨᠢ ᠺᠠᠷᠢᠶᠧᠷ ᠤᠨ ᠲᠤᠬᠠᠢ ᠰᠣᠨᠢᠷᠬᠠᠯᠲᠠᠢ ᠶᠠᠷᠢᠶ᠎ᠠ ᠥᠷᠨᠢᠭᠦᠯᠦᠯ᠎ᠡ᠃ -ᠦᠢᠯᠡᠳᠪᠦᠷᠢᠯᠡᠯ᠂ ᠲᠧᠭᠨᠣᠯᠣᠭᠢ ᠥᠨᠳᠥᠷ ᠬᠥᠭᠵᠢᠭᠰᠡᠨ ᠣᠷᠣᠨ ᠳᠤ ᠥᠪᠡᠷ ᠦᠨ ᠪᠠᠶᠢᠷᠢ ᠰᠠᠭᠤᠷᠢ ᠪᠠᠨ ᠣᠯᠵᠤ ᠠᠵᠢᠯᠯᠠᠵᠤ ᠠᠮᠢᠳᠤᠷᠠᠨ᠎ᠠ ᠭᠡᠳᠡᠭ ᠠᠮᠠᠷ ᠦᠭᠡᠢ ᠰᠢᠦ ᠳ᠋ᠡ᠃ ᠬᠣᠶᠠᠭᠤᠯᠠ ᠪᠠᠨ ᠲᠠᠨ ᠤ ᠠᠵᠢᠯ᠂ ᠮᠡᠷᠭᠡᠵᠢᠯ ᠦᠨ ᠺᠠᠷᠢᠶᠧᠷ ᠤᠨ ᠲᠠᠯ᠎ᠠ ᠪᠠᠷ ᠶᠠᠷᠢᠶ᠎ᠠ ᠪᠠᠨ ᠡᠬᠢᠯᠡᠭᠦᠯᠦᠶ᠎ᠡ︖ -ᠬᠦᠮᠦᠰ ᠨᠠᠮ᠎ᠠ ᠶᠢ ᠮᠣᠩᠭᠣᠯ ᠬᠡᠯᠡ ᠰᠤᠶᠤᠯ᠂ ᠲᠡᠦᠬᠡ ᠠᠷᠬᠧᠣᠯᠣᠭᠢ ᠶᠢᠨ ᠲᠠᠯ᠎ᠠ ᠪᠠᠷ ᠬᠡᠯᠡᠵᠦ᠂ ᠪᠢᠴᠢᠳᠡᠭ ᠪᠣᠯᠬᠣᠷ ᠨᠡᠶᠢᠭᠡᠮ ᠤᠨ ᠤᠬᠠᠭᠠᠨ ᠤ ᠲᠡᠦᠬᠡ ᠶᠢᠨ ᠮᠡᠷᠭᠡᠵᠢᠯ ᠲᠡᠢ ᠭᠡᠵᠦ ᠪᠣᠳᠣᠳᠠᠭ᠃ ᠡᠨᠡ ᠪᠣᠯ ᠮᠢᠨᠦ ᠰᠣᠨᠢᠷᠬᠠᠯ᠂ ᠰᠣᠨᠢᠷᠬᠠᠯ ᠳᠤ ᠪᠠᠨ ᠳᠤᠯᠳᠤᠶᠢᠳᠤᠭᠰᠠᠨ ᠬᠣᠶᠠᠷ ᠳᠠᠬᠢ ᠮᠡᠷᠭᠡᠵᠢᠯ ᠭᠡᠵᠦ ᠬᠡᠯᠡᠵᠦ ᠪᠣᠯᠤᠨ᠎ᠠ᠃ ᠦᠨᠡᠨ ᠳᠦ ᠪᠡᠨ ᠮᠢᠨᠦ ᠦᠨᠳᠦᠰᠦᠨ ᠮᠡᠷᠭᠡᠵᠢᠯ ᠪᠣᠯ ᠺᠣᠮᠫᠢᠶᠦ᠋ᠲ᠋ᠧᠷ ᠦᠨ ᠫᠷᠣᠭ᠍ᠷᠠᠮ ᠬᠠᠩᠭᠠᠮᠵᠢ ᠪᠢᠯᠡ᠃ ᠵᠥᠪᠯᠡᠯᠲᠦ ᠬᠣᠯᠪᠣᠭᠠᠲᠤ ᠤᠯᠤᠰ ᠳᠦ ᠰᠤᠷᠴᠤ ᠪᠠᠶᠢᠬᠤ ᠳᠤ ᠪᠠᠨ ᠹᠣᠷᠲᠤᠷᠤᠨ ᠬᠡᠯᠡ ᠪᠡᠷ ᠠᠩᠬ᠎ᠠ ᠫᠷᠣᠭ᠍ᠷᠠᠮ ᠪᠢᠴᠢᠵᠦ᠂ ᠫᠧᠷᠫᠣ ᠺᠠᠷᠲ ᠢᠶᠠᠷ ᠲᠣᠭᠠᠴᠠᠭᠠᠯᠠᠨ ᠪᠣᠳᠣᠬᠤ ᠮᠠᠰᠢᠨ ᠳᠤ ᠤᠩᠰᠢᠭᠤᠯᠤᠭᠰᠠᠨ ᠢᠶᠠᠷ ᠡᠬᠢᠯᠡᠭᠰᠡᠨ᠂ ᠲᠡᠷᠡ ᠴᠠᠭ ᠠᠴᠠ ᠡᠭᠦᠳᠦᠯᠲᠡᠢ᠃ ᠲᠡᠭᠦᠨ ᠡᠴᠡ ᠬᠣᠶᠢᠰᠢ 35 ᠵᠢᠯ ᠦᠨ ᠲᠤᠷᠰᠢ ᠠᠵᠢᠯ ᠲᠥᠷᠥᠯ ᠦᠨ ᠡᠷᠬᠡ ᠡᠭᠦᠷᠭᠡ ᠡᠴᠡ ᠪᠣᠯᠵᠤ ᠺᠣᠮᠫᠢᠶᠦ᠋ᠲ᠋ᠧᠷ ᠦᠨ ᠶᠠᠩᠵᠤ ᠪᠦᠷᠢ ᠶᠢᠨ ᠬᠡᠯᠡ ᠪᠡᠷ ᠫᠷᠣᠭ᠍ᠷᠠᠮ ᠪᠢᠴᠢᠵᠦ ᠪᠠᠶᠢᠨ᠎ᠠ᠃ ᠣᠳᠣ ᠴᠤ ᠪᠢ ᠺᠣᠮᠫᠢᠶᠦ᠋ᠲ᠋ᠧᠷ ᠦᠨ ᠫᠷᠣᠭ᠍ᠷᠠᠮ ᠢᠶᠠᠨ ᠪᠢᠴᠢᠭᠰᠡᠭᠡᠷ᠂ ᠠᠩᠬ᠎ᠠ ᠡᠵᠡᠮᠰᠢᠭᠰᠡᠨ ᠮᠡᠷᠭᠡᠵᠢᠯ ᠢᠶᠡᠷ ᠢᠶᠡᠨ ᠠᠵᠢᠯ ᠢᠶᠠᠨ ᠪᠦᠲᠦᠭᠡᠵᠦ᠂ ᠠᠮᠧᠷᠢᠺᠠ ᠶᠢᠨ ᠴᠠᠬᠢᠭᠤᠷ ᠤᠨ ᠬᠥᠨᠳᠡᠢ ᠳᠦ ᠠᠮᠢᠳᠤᠷᠠᠵᠤ ᠶᠠᠪᠤᠨ᠎ᠠ᠃ ᠬᠦᠮᠦᠨ ᠠᠯᠢᠪᠠ ᠠᠵᠢᠯ ᠳᠤ ᠨᠠᠷᠢᠨ ᠮᠡᠷᠭᠡᠰᠢᠵᠦ᠂ ᠲᠡᠷᠡ ᠡᠵᠡᠮᠰᠢᠭᠰᠡᠨ ᠮᠡᠷᠭᠡᠵᠢᠯ ᠳᠦ ᠪᠡᠨ ᠲᠤᠤᠱᠲᠠᠢ ᠪᠠᠶᠢᠬᠤ ᠨᠢ ᠮᠠᠰᠢ ᠴᠢᠬᠤᠯᠠ ᠭᠡᠵᠦ ᠪᠢ ᠪᠣᠳᠣᠳᠠᠭ᠃ ᠣᠷᠣᠰ ᠣᠷᠣᠨ ᠳᠤ ᠰᠤᠷᠣᠭᠰᠠᠨ ᠡᠷᠳᠡᠮ ᠮᠢᠨᠢ ᠰᠠᠭᠤᠷᠢ ᠮᠡᠳᠡᠯᠭᠡ ᠪᠣᠯᠳᠠᠭ᠃ ᠣᠷᠣᠰ ᠤᠨ ᠰᠢᠨᠵᠢᠯᠡᠬᠦ ᠤᠬᠠᠭᠠᠨ ᠪᠣᠯ ᠳᠡᠯᠡᠬᠡᠢ ᠳᠦ ᠴᠠᠷ᠎ᠠ ᠲᠠᠢ᠂ ᠮᠥᠨ ᠲᠤᠬᠠᠢ ᠶᠢᠨ ᠦᠶ᠎ᠡ ᠳᠦ ᠵᠥᠪᠯᠡᠯᠲᠦ ᠬᠣᠯᠪᠣᠭᠠᠲᠤ ᠤᠯᠤᠰ ᠳᠡᠯᠡᠬᠡᠢ ᠶᠢᠨ ᠬᠣᠶᠠᠷ ᠰᠤᠫᠧᠷ ᠬᠦᠴᠦᠨ ᠦ ᠨᠢᠭᠡ ᠪᠠᠶᠢᠭᠰᠠᠨ ᠢ ᠮᠡᠳᠡᠨ᠎ᠡ ᠪᠠᠶᠢᠬᠤ᠃ ᠲᠡᠭᠡᠵᠦ ᠰᠤᠷᠣᠭᠰᠠᠨ ᠰᠠᠭᠤᠷᠢ ᠡᠷᠳᠡᠮ ᠢᠶᠡᠨ ᠶᠠᠫᠣᠨ ᠳᠤ ᠣᠴᠢᠵᠤ᠂ ᠲᠧᠭᠨᠣᠯᠣᠭᠢ ᠲᠠᠯ᠎ᠠ ᠠᠴᠠ ᠨᠢ ᠤᠯᠠᠮ ᠴᠢᠨᠠᠷᠵᠢᠭᠤᠯᠵᠤ ᠠᠪᠤᠭᠰᠠᠨ ᠤ ᠦᠨᠳᠦᠰᠦᠨ ᠳᠡᠭᠡᠷ᠎ᠡ ᠠᠮᠧᠷᠢᠺᠠ ᠶᠢᠨ ᠮᠡᠳᠡᠭᠡᠯᠡᠯ ᠲᠧᠭᠨᠣᠯᠣᠭᠢ ᠶᠢᠨ ᠰᠠᠯᠪᠤᠷᠢ ᠳᠤ 21 ᠵᠢᠯ ᠦᠨ ᠲᠤᠷᠰᠢ ᠪᠤᠰᠤᠳ ᠣᠷᠣᠨ ᠤ ᠵᠠᠯᠠᠭᠤᠰ ᠲᠠᠢ ᠮᠥᠷᠥ ᠵᠡᠷᠭᠡᠴᠡᠨ ᠣᠶᠤᠨ ᠤ ᠬᠢ ᠪᠠᠨ ᠬᠦᠴᠦ ᠶᠢ ᠦᠵᠡᠵᠦ᠂ ᠴᠢᠮᠠᠯᠠᠬᠤ ᠪᠠᠷ ᠦᠭᠡᠢ ᠠᠮᠵᠢᠯᠲᠠ ᠲᠠᠢ ᠰᠠᠶᠢᠨ ᠶᠠᠪᠤᠨ᠎ᠠ᠃ ᠲᠧᠭᠨᠣᠯᠣᠭᠢ ᠶᠢᠨ ᠹᠷᠣᠨᠲ ᠤᠨ ᠭᠠᠯ ᠤᠨ ᠱᠤᠭᠤᠮ ᠳᠡᠭᠡᠷᠡᠬᠢ ᠡᠭᠡᠯ ᠨᠢᠭᠡᠨ ᠴᠡᠷᠢᠭ᠃ -ᠲᠠᠨ ᠤ ᠨᠠᠮᠲᠠᠷ ᠢ ᠬᠠᠷᠠᠬᠤ ᠳᠤ ᠶᠠᠫᠣᠨ ᠳᠤ 《ᠬᠦᠮᠦᠨ ᠦ ᠲᠠᠷᠢᠬᠢᠨ ᠤ ᠴᠢᠰᠤ ᠠᠯᠳᠠᠯᠲᠠ ᠶᠢ ᠮᠣᠨᠢᠲ᠋ᠣᠷᠢᠩ ᠬᠢᠬᠦ》 ᠴᠢᠭᠯᠡᠯ ᠢᠶᠡᠷ ᠡᠮᠨᠡᠯᠭᠡ ᠶᠢᠨ ᠺᠣᠮᠫᠢᠶᠦ᠋ᠲ᠋ᠧᠷ ᠦᠨ ᠤᠬᠠᠭᠠᠨ ᠢᠶᠠᠷ ᠳ᠋ᠣᠺᠲ᠋ᠣᠷ ᠤᠨ ᠵᠡᠷᠭᠡ /PhD/ ᠬᠠᠮᠠᠭᠠᠯᠠᠭᠰᠠᠨ ᠶᠤᠮ ᠪᠢᠯᠡ᠃ ᠲᠡᠭᠡᠭᠡᠳ ᠮᠥᠨ ᠡᠨᠡ ᠴᠢᠭᠯᠡᠯ ᠢᠶᠡᠷ ᠢᠶᠡᠨ ᠾᠠᠷᠸᠠᠷᠳ᠋ ᠤᠨ ᠠᠨᠠᠭᠠᠬᠤ ᠤᠬᠠᠭᠠᠨ ᠤ ᠶᠡᠬᠡ ᠰᠤᠷᠭᠠᠭᠤᠯᠢ᠂ ᠺᠧᠢᠮᠪᠷᠢᠵ ᠬᠣᠲᠠ ᠶᠢᠨ ᠮᠠᠰᠰᠠᠴᠢᠧᠰᠲ ᠦᠨ ᠲᠧᠭᠨᠣᠯᠣᠭᠢ ᠶᠢᠨ ᠳᠡᠭᠡᠳᠦ ᠰᠤᠷᠭᠠᠭᠤᠯᠢ ᠶᠢᠨ ᠬᠠᠮᠲᠤᠷᠠᠭᠰᠠᠨ ᠠᠨᠠᠭᠠᠬᠤ ᠤᠬᠠᠭᠠᠨ᠂ ᠲᠸᠭ᠍ᠨᠤᠯᠤᠬᠢ ᠶᠢᠨ ᠲᠡᠩᠬᠢᠮ ᠳᠦ ᠫᠣᠰᠲ ᠳ᠋ᠣᠺᠲ᠋ᠣᠷ ᠢᠶᠠᠷ ᠰᠤᠳᠤᠯᠭ᠎ᠠ ᠬᠢᠭᠰᠡᠨ ᠭᠡᠰᠡᠨ᠃ ᠰᠤᠳᠤᠯᠭᠠᠨ ᠤ ᠦᠷ᠎ᠡ ᠳ᠋ᠦᠩ᠂ ᠠᠴᠢ ᠬᠣᠯᠪᠣᠭᠳᠠᠯ ᠤᠨ ᠲᠠᠯ᠎ᠠ ᠪᠠᠷ ᠲᠠᠨᠢᠯᠴᠠᠭᠤᠯᠬᠤ ᠦᠭᠡᠢ ᠤᠤ︖ -ᠠᠨᠠᠭᠠᠬᠤ ᠤᠬᠠᠭᠠᠨ ᠤ ᠰᠠᠯᠪᠤᠷᠢ ᠶᠢᠨ ᠰᠤᠳᠤᠯᠭᠠᠨ ᠤ ᠠᠵᠢᠯ ᠳᠠᠯᠠᠶᠢᠴᠠ ᠶᠡᠬᠡ᠂ ᠬᠠᠮᠤᠷᠬᠤ ᠬᠦᠷᠢᠶ᠎ᠡ ᠥᠷᠭᠡᠨ ᠲᠤᠯᠠ ᠬᠤᠪᠢ ᠬᠦᠮᠦᠨ ᠦ ᠭᠠᠭᠴᠠᠭᠠᠷᠴᠢᠯᠠᠭᠰᠠᠨ ᠲᠣᠭᠯᠠᠯᠲᠠ ᠠᠴᠢ ᠬᠣᠯᠪᠣᠭᠳᠠᠯ ᠦᠭᠡᠢ ᠪᠠᠶᠢᠳᠠᠭ᠃ ᠬᠠᠷᠢᠨ ᠪᠠᠭ ᠤᠨ ᠲᠣᠭᠯᠠᠯᠲᠠ ᠬᠢᠵᠦ᠂ ᠣᠯᠠᠨ ᠤ ᠬᠦᠴᠥ ᠪᠡᠷ ᠠᠮᠵᠢᠯᠲᠠ ᠳᠤ ᠬᠦᠷᠳᠡᠭ ᠰᠠᠯᠪᠤᠷᠢ᠃ ᠪᠠᠭ ᠤᠨ ᠲᠣᠭᠯᠠᠯᠲᠠ ᠪᠠᠷ ᠬᠢᠭᠰᠡᠨ ᠶᠡᠬᠡ ᠠᠵᠢᠯ ᠤᠨ ᠥᠴᠥᠬᠡᠨ ᠬᠡᠰᠡᠭ ᠯᠠ ᠮᠢᠨᠦ ᠣᠷᠣᠭᠤᠯᠤᠭᠰᠠᠨ ᠬᠤᠪᠢ ᠨᠡᠮᠡᠷᠢ᠃ ᠲᠣᠳᠣᠷᠠᠭᠤᠯᠵᠤ ᠬᠡᠯᠡᠬᠦ ᠳᠦ ᠫᠣᠰᠲ ᠳ᠋ᠣᠺᠲ᠋ᠣᠷ ᠨᠢ ᠳ᠋ᠣᠺᠲ᠋ᠣᠷ ᠤᠨ ᠵᠡᠷᠭᠡ ᠠᠪᠤᠭᠰᠠᠨ ᠬᠦᠮᠦᠰ ᠠᠯᠢ ᠨᠢᠭᠡᠨ ᠰᠤᠷᠭᠠᠭᠤᠯᠢ ᠶᠢᠨ ᠰᠤᠳᠤᠯᠭᠠᠨ ᠳᠤ ᠣᠷᠣᠯᠴᠠᠵᠤ᠂ 1-3 ᠵᠢᠯ ᠠᠵᠢᠯᠯᠠᠵᠤ ᠰᠤᠷᠣᠭᠰᠠᠨ ᠢᠶᠠᠨ ᠪᠠᠲᠤᠯᠠᠭᠠᠵᠢᠭᠤᠯᠵᠤ᠂ ᠥᠪᠡᠷ ᠢ ᠪᠡᠨ ᠬᠥᠭᠵᠢᠭᠦᠯᠬᠦ ᠶᠢᠨ ᠢᠯᠳᠠᠮ ᠳᠤ ᠢᠷᠡᠭᠡᠳᠦᠢ ᠶᠢᠨ ᠠᠵᠢᠯ ᠢᠶᠠᠨ ᠰᠣᠩᠭᠣᠳᠠᠭ ᠲᠡᠶᠢᠮᠦ ᠨᠢᠭᠡᠨ ᠳᠠᠮᠵᠢᠯᠭ᠎ᠠ ᠶᠤᠮ᠃ ᠮᠢᠨᠦ ᠬᠤᠪᠢ ᠳᠤ ᠲᠤᠰ ᠬᠣᠶᠠᠷ ᠶᠡᠬᠡ ᠰᠤᠷᠭᠠᠭᠤᠯᠢ ᠶᠢᠨ ᠳᠤᠮᠳᠠ ᠶᠢᠨ ᠬᠥᠲᠥᠯᠪᠦᠷᠢ ᠳᠦ ᠰᠣᠩᠭᠣᠨ ᠰᠢᠯᠭᠠᠷᠠᠭᠤᠯᠤᠯᠲᠠ ᠪᠠᠷ ᠣᠷᠣᠭᠰᠠᠨ ᠶᠠᠪᠤᠳᠠᠯ᠃ ᠶᠠᠫᠣᠨ ᠳᠤ ᠪᠠᠶᠢᠬᠤ ᠳᠤ ᠪᠠᠨ ᠲᠡᠷᠡ ᠰᠣᠩᠭᠣᠨ ᠰᠢᠯᠭᠠᠷᠠᠭᠤᠯᠤᠯᠲᠠ ᠳᠤ ᠣᠷᠣᠯᠴᠠᠵᠤ ᠲᠡᠩᠴᠡᠭᠰᠡᠨ᠃ ᠠᠮᠧᠷᠢᠺᠠ ᠳᠤ ᠰᠤᠷᠴᠤ᠂ ᠠᠮᠢᠳᠤᠷᠠᠬᠤ ᠵᠠᠷᠤᠳᠠᠯ ᠢ ᠶᠠᠫᠣᠨ ᠤ ᠹᠦᠵᠢᠴᠦ ᠺᠣᠮᠫᠠᠨᠢ ᠳᠠᠭᠠᠭᠰᠠᠨ ᠶᠤᠮ᠃ ᠰᠤᠳᠤᠯᠤᠭᠠᠴᠢ ᠡᠷᠳᠡᠮᠲᠡᠨ ᠦ ᠬᠠᠷᠢᠶᠠᠯᠠᠯ ᠮᠠᠨᠢ ᠾᠠᠷᠸᠠᠷᠳ᠋ ᠤᠨ ᠶᠡᠬᠡ ᠰᠤᠷᠭᠠᠭᠤᠯᠢ ᠳᠤ᠂ ᠰᠤᠳᠤᠯᠭᠠᠨ ᠳᠤ ᠪᠠᠨ ᠵᠣᠷᠢᠭᠤᠯᠤᠨ ᠰᠤᠷᠤᠯᠴᠠᠬᠤ ᠪᠠᠭᠠᠵᠢ ᠨᠢ ᠮᠠᠰᠰᠠᠴᠢᠰᠧᠲᠦᠰ ᠦᠨ ᠲᠧᠭᠨᠣᠯᠣᠭᠢ ᠶᠢᠨ ᠳᠡᠭᠡᠳᠦ ᠰᠤᠷᠭᠠᠭᠤᠯᠢ᠂ ᠪᠠᠶᠢᠷᠢᠯᠠᠵᠤ ᠪᠠᠶᠢᠭᠰᠠᠨ ᠲᠡᠩᠬᠢᠮ ᠮᠠᠨᠢ ᠾᠠᠷᠸᠠᠷᠳ᠋ ᠤᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠰᠤᠳᠤᠯᠭᠠᠨ ᠤ ᠪᠠᠭᠠᠵᠢ ᠪᠣᠯᠳᠠᠭ ᠪᠷᠢᠭᠡᠮ ᠦᠨ ᠡᠮᠡᠭᠲᠡᠶᠢᠴᠦᠳ ᠦᠨ ᠡᠮᠨᠡᠯᠭᠡ ᠶᠢᠨ ᠷᠠᠳᠢᠣᠯᠣᠭᠢ ᠶᠢᠨ ᠲᠡᠩᠬᠢᠮ ᠪᠠᠶᠢᠭᠰᠠᠨ᠃ ᠠᠮᠧᠷᠢᠺᠠ ᠮᠠᠶ᠋ᠢᠭ ᠤᠨ ᠪᠦᠲᠦᠴᠡ ᠪᠣᠯ ᠦᠬᠡᠷ ᠦᠨ ᠪᠥᠭᠡᠷ᠎ᠡ ᠮᠡᠲᠦ ᠣᠯᠠᠨ ᠵᠦᠢᠯ ᠦᠨ ᠴᠤᠭᠯᠠᠭᠤᠯᠭ᠎ᠠ ᠪᠠᠶᠢᠳᠠᠭ ᠲᠤ ᠶᠡᠷᠦ ᠭᠠᠶᠢᠬᠠᠬᠤ ᠬᠡᠷᠡᠭ ᠦᠭᠡᠢ᠃ ᠢᠩᠭᠢᠭᠡᠳ ᠥᠪᠡᠷ ᠬᠣᠭᠣᠷᠣᠨᠳᠣ ᠪᠠᠨ ᠴᠢᠮᠠ ᠦᠭᠡᠢ ᠵᠠᠶᠢᠲᠠᠢ ᠳᠡᠭᠡᠷ᠎ᠡ ᠨᠡᠷ᠎ᠡ ᠳᠤᠷᠠᠳᠤᠭᠰᠠᠨ ᠭᠤᠷᠪᠠᠨ ᠭᠠᠵᠠᠷ ᠢ ᠡᠳᠦᠷ ᠦᠨ ᠨᠢᠭᠡ ᠭᠣᠷᠣᠭᠠᠯᠠᠳᠠᠭ ᠠᠵᠢᠯ ᠲᠠᠢ ᠪᠠᠶᠢᠯ᠎ᠠ᠃ ᠬᠢᠵᠦ ᠪᠠᠶᠢᠭᠰᠠᠨ ᠰᠤᠳᠤᠯᠭᠠᠨ ᠤ ᠲᠥᠰᠥᠯ ᠪᠣᠯ ᠮᠠᠰᠰᠠᠴᠢᠰᠧᠲᠦᠰ ᠦᠨ ᠶᠡᠷᠦᠩᠬᠡᠢ ᠡᠮᠨᠡᠯᠭᠡ᠂ ᠪᠧᠽ ᠢᠽᠠᠷᠢᠯ ᠦᠨ ᠬᠡᠦᠬᠡᠳ ᠦᠨ ᠡᠮᠨᠡᠯᠭᠡ᠂ ᠨᠶᠤ ᠡᠩᠭᠯᠢᠶᠠᠩᠳᠢ ᠶᠢᠨ ᠠᠨᠠᠭᠠᠬᠤ ᠤᠬᠠᠭᠠᠨ ᠤ ᠲᠥᠪ᠂ ᠪᠷᠢᠭᠡᠮ ᠦᠨ ᠡᠮᠡᠭᠲᠡᠶᠢᠴᠦᠳ ᠦᠨ ᠡᠮᠨᠡᠯᠭᠡ ᠶᠢᠨ ᠮᠡᠳᠡᠭᠡᠯᠡᠯ ᠦᠨ ᠲᠥᠪᠯᠡᠷᠡᠭᠰᠡᠨ ᠰᠠᠩ ᠢ ᠪᠠᠶᠢᠭᠤᠯᠬᠤ ᠨᠦᠰᠡᠷ ᠲᠣᠮᠣ ᠠᠵᠢᠯ ᠪᠠᠶᠢᠪᠠ᠃ ᠬᠡᠳᠦᠨ ᠵᠠᠭᠤᠨ ᠬᠦᠮᠦᠨ ᠦ ᠣᠯᠠᠨ ᠵᠢᠯ ᠦᠨ ᠶᠡᠬᠡ ᠬᠥᠳᠡᠯᠮᠦᠷᠢ ᠶᠢ ᠰᠢᠩᠭᠡᠭᠡᠭᠰᠡᠨ ᠲᠣᠮᠣ ᠲᠥᠰᠥᠯ ᠪᠠᠶᠢᠭᠰᠠᠨ᠃ ᠲᠡᠭᠦᠨ ᠦ ᠵᠥᠪᠬᠡᠨ ᠨᠢᠭᠡ ᠭᠡᠰᠢᠭᠦᠨ ᠨᠢ ᠪᠣᠯᠤᠭᠠᠳ ᠥᠪᠡᠷ ᠲᠦ ᠨᠣᠭᠳᠠᠭᠰᠠᠨ ᠠᠵᠢᠯ ᠢᠶᠠᠨ ᠵᠢᠯ ᠬᠠᠭᠠᠰ ᠣᠷᠴᠢᠮ ᠬᠢᠭᠰᠡᠨ ᠶᠤᠮ᠃ ᠪᠢ ᠪᠣᠯ ᠲᠡᠶᠢᠮᠦ ᠰᠦᠷᠡᠬᠡᠢ ᠠᠮᠢᠲᠠᠨ ᠶᠡᠷᠦ ᠪᠠᠶᠢᠭ᠎ᠠ ᠦᠭᠡᠢ᠃ ᠵᠥᠪᠬᠡᠨ ᠥᠪᠡᠷ ᠲᠦ ᠨᠣᠭᠳᠠᠭᠰᠠᠨ ᠠᠵᠢᠯ ᠢᠶᠠᠨ ᠴᠠᠭ ᠲᠤᠬᠠᠢ ᠳᠤ ᠨᠢ ᠬᠢᠳᠡᠭ ᠨᠠᠷᠢᠨ ᠮᠡᠷᠭᠡᠵᠢᠯᠲᠡᠨ ᠪᠠᠶᠢᠪᠠ᠃ ᠱᠠᠭᠠᠷᠳᠠᠯᠭ᠎ᠠ ᠲᠠᠢ ᠰᠡᠳᠦᠪ ᠢᠶᠡᠷ ᠢᠶᠡᠨ МИТ ᠍ ᠳᠦ ᠬᠢᠴᠢᠶᠡᠯ ᠠᠪᠴᠤ ᠪᠠᠶᠢᠭᠰᠠᠨ᠃ ᠨᠣᠮ ᠤᠨ ᠰᠠᠩ ᠳᠤ ᠪᠣᠯ ᠶᠡᠬᠡ ᠤᠳᠠᠭᠠᠨ ᠴᠠᠭ ᠢᠶᠠᠷ ᠴᠢᠯᠡᠲᠡᠯ᠎ᠡ ᠪᠡᠨ ᠰᠠᠭᠤᠭᠰᠠᠨ᠃ ᠶᠡᠬᠡ ᠮᠡᠳᠡᠯᠭᠡ ᠲᠡᠢ ᠬᠦᠮᠦᠰ ᠦᠨ ᠪᠥᠭᠡᠷᠡᠨ ᠳᠦ ᠨᠠᠭᠠᠯᠳᠤᠵᠤ᠂ ᠡᠷᠳᠡᠮ ᠮᠡᠳᠡᠯᠭᠡ ᠡᠴᠡ ᠨᠢ ᠴᠢᠳᠠᠯ ᠴᠢᠨᠡᠭᠡ ᠪᠡᠷ ᠢᠶᠡᠨ ᠯᠠ ᠬᠠᠯᠪᠠᠭᠠᠳᠠᠭᠰᠠᠨ ᠳ᠋ᠠ᠃ ᠾᠠᠷᠸᠠᠷᠳ᠋ ᠳ᠋ᠤ ᠵᠢᠯ ᠳᠦ 300 ᠣᠷᠴᠢᠮ ᠭᠠᠳᠠᠭᠠᠳᠤ ᠣᠶᠤᠲᠠᠨ ᠠᠴᠠ ᠶᠠᠷᠢᠯᠴᠠᠯᠭ᠎ᠠ ᠠᠪᠳᠠᠭ᠂ ᠲᠡᠭᠦᠨ ᠳᠦ ᠲᠡᠩᠴᠡᠭᠰᠡᠨ 50 ᠭᠠᠳᠠᠭᠠᠳᠤ ᠫᠣᠰᠲ ᠳ᠋ᠣᠺᠲ᠋ᠣᠷ ᠤᠨ ᠨᠢᠭᠡ ᠨᠢ ᠪᠠᠶᠢᠪᠠ -ᠠᠮᠧᠷᠢᠺᠠ ᠳᠤ ᠰᠤᠷᠴᠤ᠂ ᠠᠮᠢᠳᠤᠷᠠᠬᠤ ᠵᠠᠷᠤᠳᠠᠯ ᠢ ᠶᠠᠫᠣᠨ ᠤ ᠹᠦᠵᠢᠴᠦ ᠺᠣᠮᠫᠠᠨᠢ ᠳᠠᠭᠠᠭᠰᠠᠨ ᠭᠡᠵᠦ ᠪᠠᠶᠢᠨ᠎ᠠ᠃ ᠶᠠᠫᠣᠨ ᠬᠦᠮᠦᠰ ᠦᠨ ᠢᠲᠡᠭᠡᠯ ᠢ ᠣᠯᠵᠤ᠂ ᠺᠣᠮᠫᠠᠨᠢ ᠠᠴᠠ ᠪᠠᠨ ᠲᠡᠳᠬᠦᠯᠭᠡ ᠬᠦᠷᠲᠡᠯ᠎ᠡ ᠠᠪᠴᠠᠢ︖ -ᠲᠤᠬᠠᠢ ᠶᠢᠨ ᠦᠶ᠎ᠡ ᠳᠦ ᠾᠠᠷᠸᠠᠷᠳ᠋ ᠳ᠋ᠤ ᠵᠢᠯ ᠳᠦ 300 ᠣᠷᠴᠢᠮ ᠭᠠᠳᠠᠭᠠᠳᠤ ᠣᠶᠤᠲᠠᠨ ᠠᠴᠠ ᠶᠠᠷᠢᠯᠴᠠᠯᠭ᠎ᠠ ᠠᠪᠳᠠᠭ᠂ ᠲᠡᠭᠦᠨ ᠳᠦ ᠲᠡᠩᠴᠡᠭᠰᠡᠨ 50 ᠭᠠᠳᠠᠭᠠᠳᠤ ᠫᠣᠰᠲ ᠳ᠋ᠣᠺᠲ᠋ᠣᠷ ᠤᠨ ᠨᠢᠭᠡ ᠨᠢ ᠪᠢ ᠪᠠᠶᠢᠪᠠ᠃ 18 ᠰᠠᠷ᠎ᠠ ᠶᠢᠨ ᠬᠤᠭᠤᠴᠠᠭ᠎ᠠ ᠲᠠᠢ ᠰᠤᠷᠭᠠᠬᠤ ᠵᠠᠷᠤᠳᠠᠯ ᠢ ᠾᠠᠷᠸᠠᠷᠳ᠋ ᠤᠨ ᠶᠡᠬᠡ ᠰᠤᠷᠭᠠᠭᠤᠯᠢ ᠳᠠᠭᠠᠭᠠᠬᠤ ᠪᠠᠷ ᠪᠣᠯᠵᠤ᠂ ᠬᠠᠷᠢᠨ ᠪᠢ ᠠᠮᠢᠳᠤᠷᠠᠬᠤ ᠵᠠᠷᠤᠳᠠᠯ ᠢᠶᠠᠨ ᠥᠪᠡᠷ ᠢᠶᠡᠨ ᠤᠯᠬᠤ ᠱᠠᠭᠠᠷᠳᠠᠯᠭ᠎ᠠ ᠲᠠᠢ ᠪᠣᠯᠤᠭᠰᠠᠨ ᠶᠤᠮ᠃ ᠲᠡᠭᠡᠭᠰᠡᠨ ᠮᠠᠨ ᠤ ᠶᠠᠫᠣᠨ ᠪᠠᠭᠰᠢ 《 ᠾᠠᠷᠸᠠᠷᠳ᠋ ᠳ᠋ᠤ ᠬᠦᠰᠡᠭᠰᠡᠨ ᠪᠣᠯᠭᠠᠨ ᠨᠢ ᠲᠡᠩᠴᠡᠭᠡᠳ ᠪᠠᠶᠢᠳᠠᠭ ᠦᠭᠡᠢ ᠶᠤᠮ᠃ ᠬᠡᠷᠪᠡ ᠴᠢᠨᠤ ᠠᠵᠢᠯᠯᠠᠵᠤ ᠪᠤᠢ ᠺᠣᠮᠫᠠᠨᠢ ᠠᠴᠠ ᠲᠡᠳᠬᠦᠯᠭᠡ ᠣᠯᠵᠤ ᠥᠭᠴᠦ ᠴᠢᠳᠠᠬᠤ ᠦᠭᠡᠢ ᠪᠣᠯ ᠪᠢ ᠴᠢᠮ᠎ᠠ ᠳᠤ ᠰᠠᠷ᠎ᠠ ᠪᠦᠷᠢ 3000 ᠥᠭᠴᠦ ᠪᠠᠶᠢᠨ᠎ᠠ》 ᠭᠡᠵᠦ ᠬᠡᠯᠡᠵᠦ ᠪᠠᠶᠢᠭᠰᠠᠨ᠃ ᠬᠦᠰᠡᠯᠲᠡ ᠭᠠᠷᠭᠠᠭᠰᠠᠨ ᠶᠣᠰᠣᠭᠠᠷ ᠺᠣᠮᠫᠠᠨᠢ ᠴᠤ ᠨᠠᠳᠠ ᠳᠤ ᠲᠡᠳᠬᠦᠯᠭᠡ ᠣᠯᠭᠤᠬᠤ ᠪᠠᠷ ᠪᠣᠯᠤᠭᠰᠠᠨ᠃ ᠶᠡᠷᠦ ᠨᠢ ᠰᠠᠶᠢᠨ ᠬᠦᠮᠦᠨ ᠲᠡᠢ ᠲᠠᠭᠠᠷᠠᠬᠤ ᠡᠰᠡᠬᠦ ᠨᠢ ᠬᠤᠪᠢ ᠵᠠᠶᠠᠭᠠᠨ ᠠᠴᠠ᠂ ᠪᠤᠰᠤᠳ ᠤᠨ ᠢᠲᠡᠭᠡᠯ ᠢ ᠤᠯᠬᠤ ᠨᠢ ᠬᠤᠪᠢ ᠬᠦᠮᠦᠨ ᠦ ᠮᠡᠳᠡᠯᠭᠡ ᠴᠢᠳᠠᠪᠤᠷᠢ᠂ ᠮᠡᠳᠡᠷᠡᠮᠵᠢ᠂ ᠵᠠᠩ ᠠᠪᠤᠷᠢ ᠠᠴᠠ ᠨᠢ ᠬᠠᠮᠢᠶᠠᠷᠤᠨ᠎ᠠ ᠭᠡᠵᠦ ᠪᠣᠳᠣᠳᠠᠭ᠃ ᠶᠠᠫᠣᠨ ᠳᠤ ᠰᠤᠷᠬᠤ ᠳᠤ ᠨᠠᠳᠠ ᠲᠠᠢ ᠳᠠᠩᠳᠠ ᠰᠠᠶᠢᠨ ᠪᠠᠭᠰᠢ ᠨᠠᠷ ᠲᠠᠭᠠᠷᠠᠭᠰᠠᠨ᠃ ᠲᠡᠶᠢᠮᠦ ᠳᠦ ᠪᠢ ᠥᠪᠡᠷ ᠢ ᠪᠡᠨ ᠶᠡᠬᠡ ᠠᠵᠠᠲᠠᠢ ᠬᠦᠮᠦᠨ ᠭᠡᠵᠦ ᠪᠣᠳᠣᠵᠤ ᠶᠠᠪᠤᠳᠠᠭ᠃ ᠪᠠᠭᠰᠢ ᠲᠠᠢ ᠪᠠᠨ ᠲᠠᠭᠠᠷᠠᠬᠤ ᠦᠭᠡᠢ ᠵᠣᠪᠠᠵᠤ ᠶᠠᠪᠤᠭ᠎ᠠ ᠭᠠᠳᠠᠭᠠᠳᠤ ᠣᠶᠤᠲᠠᠨ ᠲᠠᠢ ᠪᠢᠰᠢᠭᠦᠢ ᠯᠠ ᠲᠠᠭᠠᠷᠠᠵᠤ ᠶᠠᠪᠤᠯ᠎ᠠ᠃ ᠪᠠᠭᠤᠷᠠᠢ ᠣᠷᠣᠨ ᠠᠴᠠ ᠢᠷᠡᠭᠰᠡᠨ ᠮᠣᠯᠬᠢ ᠣᠶᠤᠲᠠᠨ ᠨᠠᠮ᠎ᠠ ᠶᠢ ᠵᠥᠪ ᠦᠵᠡᠵᠦ᠂ ᠵᠥᠭᠡᠯᠡᠨ ᠬᠠᠷᠠᠵᠤ ᠶᠠᠪᠤᠭᠰᠠᠨ ᠶᠠᠫᠣᠨ ᠪᠠᠭᠰᠢ ᠨᠠᠷ ᠲᠤ ᠪᠠᠨ ᠥᠨᠥ ᠶᠢ ᠬᠦᠷᠲᠡᠯ᠎ᠡ ᠪᠠᠶᠠᠷᠯᠠᠵᠤ ᠶᠠᠪᠤᠳᠠᠭ᠃ ᠾᠠᠷᠸᠠᠷᠳ᠋ ᠴᠤ ᠪᠠᠢ᠂ MIT ᠴᠤ ᠪᠠᠢ ᠲᠡᠳᠡᠨ ᠦ ᠰᠢᠯᠭᠠᠭᠤᠷ ᠲᠤ 《ᠨᠡᠶᠢᠴᠡᠭᠦᠯᠬᠦ》 ᠠᠯᠪᠠ ᠦᠭᠡᠢ᠂ ᠥᠪᠡᠷ ᠦᠨ ᠵᠠᠷᠴᠢᠮ ᠢᠶᠠᠨ ᠬᠠᠳᠠᠭᠠᠯᠠᠵᠤ ᠦᠯᠡᠳᠡ - ᠾᠠᠷᠸᠠᠷᠳ᠋᠂ ᠮᠠᠰᠰᠠᠴᠢᠧᠰᠲ᠋ ᠳ᠋ᠤ ᠫᠣᠰᠲ ᠳ᠋ᠣᠺᠲ᠋ᠣᠷ ᠢᠶᠠᠷ ᠰᠤᠷᠬᠤ ᠳᠤ ᠥᠨᠳᠥᠷ ᠰᠢᠯᠭᠠᠭᠤᠷ ᠲᠠᠢ ᠪᠠᠶᠢᠪᠠ ᠤᠤ︖ - ᠾᠠᠷᠸᠠᠷᠳ᠋᠂ ᠮᠠᠰᠰᠠᠴᠢᠧᠰᠲ᠋ ᠳ᠋ᠤ ᠫᠣᠰᠲ ᠳ᠋ᠣᠺᠲ᠋ᠣᠷ ᠤᠨ ᠣᠷᠣᠨ ᠲᠣᠭ᠎ᠠ ᠨᠡᠭᠡᠭᠡᠭᠳᠡᠬᠦ ᠵᠠᠷᠯᠠᠯ ᠢ ᠣᠯᠵᠤ ᠬᠠᠷᠠᠭᠠᠳ᠂ 《ᠮᠣᠩᠭᠣᠯ ᠬᠦᠮᠦᠨ ᠵᠣᠷᠢᠯᠭ᠎ᠠ ᠪᠠᠨ ᠥᠨᠳᠥᠷ ᠲᠠᠯᠪᠢᠬᠤ ᠬᠡᠷᠡᠭᠲᠡᠢ᠃ ᠬᠡᠷᠪᠡ ᠴᠢᠳᠠᠬᠤ ᠦᠭᠡᠢ ᠪᠣᠯ ᠲᠡᠷᠡ ᠵᠣᠷᠢᠯᠭ᠎ᠠ ᠠᠴᠠ ᠪᠠᠨ ᠨᠢᠭᠡ ᠰᠢᠲᠠᠷ᠎ᠠ ᠪᠠᠭᠤᠨ᠎ᠠ》 ᠭᠡᠰᠡᠨ ᠲᠡᠮᠡᠦᠯᠦᠯ ᠢᠶᠡᠷ ᠠᠨᠺᠧᠲ ᠢ ᠨᠢ ᠪᠥᠭᠯᠡᠭᠰᠡᠨ᠃ ᠲᠡᠭᠡᠭᠡᠳ ᠨᠠᠮ᠎ᠠ ᠶᠢ ᠲᠣᠭᠤᠵᠤ᠂ ᠰᠣᠨᠢᠷᠬᠠᠭᠰᠠᠨ ᠫᠷᠣᠹᠧᠰᠰᠣᠷ ᠨᠢ ᠲᠣᠺᠢᠣ᠋ ᠍ ᠶᠢᠨ ᠠᠨᠠᠭᠠᠬᠤ ᠤᠬᠠᠭᠠᠨ ᠤ ᠰᠢᠳᠦᠨ ᠦ ᠡᠮᠨᠡᠯᠭᠡ ᠶᠢᠨ (ᠢᠺᠠᠱᠢᠺᠠ) ᠶᠡᠬᠡ ᠰᠤᠷᠭᠠᠭᠤᠯᠢ ᠳᠡᠭᠡᠷ᠎ᠡ ᠶᠠᠷᠢᠯᠴᠠᠯᠭ᠎ᠠ ᠳᠤ ᠤᠷᠢᠭᠰᠠᠨ᠃ ᠶᠠᠷᠢᠯᠴᠠᠯᠭ᠎ᠠ ᠳᠤ ᠪᠡᠯᠡᠳᠦᠭᠡᠳ ᠣᠷᠣᠯ᠎ᠠ᠃ ᠬᠡᠳᠦᠨ ᠰᠠᠷ᠎ᠠ ᠶᠢᠨ ᠳᠠᠷᠠᠭ᠎ᠠ ᠾᠠᠷᠸᠠᠷᠳ᠋ ᠠᠴᠠ ᠲᠡᠩᠴᠡᠭᠰᠡᠨ ᠭᠡᠳ ᠬᠠᠷᠢᠭᠤ ᠢᠷᠡᠭᠰᠡᠨ᠃ ᠡᠨᠡ ᠪᠣᠯ 21 ᠵᠢᠯ ᠦᠨ ᠡᠮᠦᠨ᠎ᠡ ᠪᠣᠯᠤᠭᠰᠠᠨ ᠦᠢᠯᠡ ᠶᠠᠪᠤᠳᠠᠯ᠃ ᠣᠳᠣ ᠫᠣᠰᠲ ᠳ᠋ᠣᠺᠲ᠋ᠣᠷ ᠲᠤ ᠰᠤᠷᠬᠤ ᠵᠠᠷᠴᠢᠮ ᠬᠡᠷᠬᠢᠨ ᠥᠭᠡᠷᠡᠴᠢᠯᠡᠭᠳᠡᠭᠰᠡᠨ ᠢ ᠰᠠᠶᠢᠨ ᠮᠡᠳᠡᠬᠦ ᠦᠭᠡᠢ ᠪᠠᠶᠢᠨ᠎ᠠ᠃ ᠭᠠᠭᠴᠠ ᠫᠣᠰᠲ ᠳ᠋ᠣᠺᠲ᠋ᠣᠷ ᠤᠨ ᠬᠤᠪᠢᠶᠠᠷᠢ ᠳᠡᠭᠡᠷ᠎ᠡ ᠣᠯᠠᠨ ᠵᠠᠭᠤᠨ ᠬᠦᠮᠦᠨ ᠥᠷᠢᠰᠦᠯᠳᠦᠳᠡᠭ᠂ ᠰᠣᠩᠭᠣᠨ ᠰᠢᠯᠭᠠᠷᠠᠭᠤᠯᠤᠯᠲᠠ ᠨᠢ ᠫᠷᠣᠹᠧᠰᠰᠣᠷ ᠤᠨ ᠲᠠᠭᠠᠯᠠᠯ ᠢᠶᠠᠷ ᠪᠣᠯᠳᠠᠭ᠃ ᠮᠢᠨᠦ ᠳᠠᠪᠠᠭᠤ ᠲᠠᠯ᠎ᠠ ᠪᠣᠯ ᠨᠢᠭᠡ ᠳᠦ᠂ ᠠᠩᠭᠯᠢ ᠬᠡᠯᠡ ᠪᠡᠷ ᠥᠪᠡᠷ ᠢ ᠪᠡᠨ ᠢᠯᠡᠷᠬᠡᠶᠢᠯᠡᠬᠦ ᠴᠢᠳᠠᠪᠤᠷᠢ᠂ ᠬᠣᠶᠠᠷ ᠲᠤ᠂ ᠢᠯᠡᠳᠭᠡᠬᠦ ᠤᠷᠠᠯᠢᠭ ᠢ ᠡᠷᠲᠡ ᠡᠵᠡᠮᠰᠢᠭᠰᠡᠨ ᠲᠤᠯᠠ ᠶᠠᠷᠢᠯᠴᠠᠯᠭ᠎ᠠ ᠪᠠᠨ ᠰᠠᠶᠢᠨ ᠥᠭᠭᠦᠭᠰᠡᠨ᠃ ᠭᠤᠷᠪᠠ ᠳᠤ᠂ ᠡᠷᠳᠡᠮ ᠰᠢᠨᠵᠢᠯᠡᠭᠡᠨ ᠦ ᠰᠡᠳᠬᠦᠯ ᠳᠦ ᠨᠡᠶᠢᠲᠡᠯᠡᠯ ᠦᠳ ᠬᠡᠪᠯᠡᠭᠦᠯᠦᠭᠰᠡᠨ᠂ ᠳᠥᠷᠪᠡ ᠳᠦ᠂ ᠶᠠᠫᠣᠨ ᠤ ᠪᠣᠯᠪᠠᠰᠤᠷᠠᠯ ᠢ ᠠᠮᠧᠷᠢᠺᠠ ᠳᠤ ᠥᠨᠳᠥᠷ ᠢᠶᠡᠷ ᠦᠨᠡᠯᠡᠳᠡᠭ᠂ ᠲᠠᠪᠤ ᠳᠤ ᠦᠨᠡᠨ ᠰᠡᠳᠬᠢᠯ ᠡᠴᠡ ᠪᠡᠨ ᠶᠠᠷᠢᠯᠴᠠᠯᠭ᠎ᠠ ᠶᠢᠨ ᠠᠰᠠᠭᠤᠯᠲᠠ ᠳᠤ ᠬᠠᠷᠢᠭᠤᠯᠤᠭᠰᠠᠨ ᠵᠡᠷᠭᠡ ᠪᠠᠶᠢᠭᠰᠠᠨ ᠪᠣᠯᠪᠠ ᠤᠤ᠃ ᠮᠢᠨᠦ ᠬᠤᠪᠢ ᠳᠤ ᠠᠩᠭᠯᠢ ᠬᠡᠯᠡ ᠶᠢ ᠣᠷᠣᠰ ᠲᠤ ᠣᠶᠤᠲᠠᠨ ᠪᠠᠶᠢᠬᠤ ᠳᠤ ᠪᠠᠨ ᠡᠬᠢᠯᠡᠵᠦ ᠦᠵᠡᠭᠡᠳ᠂ 1990 ᠣᠨ ᠳᠤ ᠠᠮᠧᠷᠢᠺᠠ ᠳᠤ ᠰᠤᠷᠬᠤ ᠶᠢᠨ ᠲᠤᠯᠠᠳᠠ TOEFL ᠥᠭᠴᠦ ᠪᠠᠶᠢᠭᠰᠠᠨ᠃ ᠮᠥᠨ ᠨᠣᠪᠣᠰᠢᠪᠢᠷᠢᠰᠺ ᠤᠨ ᠴᠠᠬᠢᠯᠭᠠᠨ ᠲᠧᠭᠨᠢᠭ ᠦᠨ ᠳᠡᠭᠡᠳᠦ ᠰᠤᠷᠭᠠᠭᠤᠯᠢ ᠳᠤ (НЭТИ) ᠰᠤᠷᠴᠤ ᠪᠠᠶᠢᠬᠤ ᠳᠤ ᠪᠠᠨ ᠣᠷᠣᠢ ᠶᠢᠨ ᠴᠠᠭ ᠢᠶᠠᠷ ᠢᠯᠡᠳᠭᠡᠬᠦ ᠤᠷᠠᠯᠢᠭ ᠤᠨ ᠬᠢᠴᠢᠶᠡᠯ ᠳᠦ ᠰᠠᠭᠤᠳᠠᠭ ᠪᠠᠶᠢᠭᠰᠠᠨ᠃ ᠶᠠᠷᠢᠯᠴᠠᠯᠭ᠎ᠠ ᠥᠭᠬᠦ ᠳᠦ ᠪᠡᠨ ᠭᠤᠯᠭᠤᠵᠤ ᠲᠡᠰᠢᠭᠡᠳ᠂ ᠡᠰᠡᠪᠡᠯ ᠬᠦᠮᠦᠨ ᠦ ᠠᠮᠠ ᠳᠠᠭᠠᠭᠤᠯᠤᠭᠠᠳ ᠨᠠᠪᠲᠠᠯᠵᠠᠭᠠᠳ ᠪᠠᠶᠢᠬᠤ ᠦᠭᠡᠢ᠂ ᠥᠪᠡᠷ ᠦᠨ ᠬᠦᠰᠡᠯ ᠮᠥᠷᠥᠭᠡᠳᠦᠯ ᠢᠶᠡᠨ ᠲᠣᠪᠴᠢ ᠲᠣᠳᠣᠷᠬᠠᠢ᠂ ᠴᠡᠬᠡ ᠰᠢᠯᠤᠭᠤᠨ᠂ ᠥᠪᠡᠷᠲᠡᠭᠡᠨ ᠪᠦᠷᠢᠨ ᠢᠲᠡᠭᠡᠯᠲᠡᠢ ᠢᠯᠡᠷᠬᠡᠶᠢᠯᠡᠬᠦ ᠨᠢ ᠴᠢᠬᠤᠯᠠ ᠶᠤᠮ ᠪᠢᠯᠡ᠃ ᠾᠠᠷᠸᠠᠷᠳ᠋ ᠴᠤ ᠪᠠᠢ᠂ MIT ᠴᠤ ᠪᠠᠢ ᠲᠡᠳᠡᠨ ᠦ ᠰᠢᠯᠭᠠᠭᠤᠷ ᠲᠤ 《ᠨᠡᠶᠢᠴᠡᠭᠦᠯᠬᠦ》 ᠠᠯᠪᠠ ᠦᠭᠡᠢ᠂ ᠥᠪᠡᠷ ᠦᠨ ᠵᠠᠷᠴᠢᠮ ᠪᠣᠯᠬᠤ ᠬᠦᠰᠡᠯ ᠵᠣᠷᠢᠯᠭ᠎ᠠ ᠮᠥᠷᠥᠭᠡᠳᠦᠯ᠂ ᠥᠪᠡᠷ ᠦᠨ ᠰᠠᠶᠢᠨ ᠵᠠᠩ ᠴᠢᠨᠠᠷ ᠢᠶᠠᠨ ᠬᠠᠳᠠᠭᠠᠯᠠᠵᠤ ᠦᠯᠡᠳᠡᠬᠦ ᠬᠡᠷᠡᠭᠲᠡᠢ ᠭᠡᠰᠡᠨ ᠰᠠᠨᠠᠭ᠎ᠠ ᠶᠤᠮ᠃ ᠰᠠᠶᠢᠨ ᠬᠦᠮᠦᠨ ᠲᠡᠢ ᠲᠠᠭᠠᠷᠠᠬᠤ᠂ ᠡᠰᠡᠬᠦ ᠨᠢ ᠬᠤᠪᠢ ᠵᠠᠶᠠᠭᠠᠨ ᠠᠴᠠ᠂ ᠪᠤᠰᠤᠳ ᠤᠨ ᠢᠲᠡᠭᠡᠯ ᠢ ᠤᠯᠬᠤ ᠨᠢ ᠬᠣᠪᠢ ᠬᠥᠮᠦᠨ ᠡᠴᠡ ᠬᠠᠮᠢᠶᠠᠷᠤᠨ᠎ᠠ -ᠶᠡᠷᠦ ᠨᠢ ᠶᠠᠫᠣᠨ ᠬᠦᠮᠦᠰ ᠦᠨ ᠠᠵᠢᠯ ᠤᠨ ᠠᠷᠭ᠎ᠠ ᠪᠠᠷᠢᠯ᠂ ᠭᠣᠣᠯ ᠵᠠᠷᠴᠢᠮ ᠶᠠᠭᠤ ᠪᠠᠶᠢᠳᠠᠭ ᠪᠤᠢ᠃ ᠲᠠ ᠶᠠᠫᠣᠨ ᠳᠤ ᠠᠵᠢᠯᠯᠠᠵᠤ᠂ ᠰᠤᠷᠴᠤ ᠪᠠᠶᠢᠬᠤ ᠬᠤᠭᠤᠴᠠᠭᠠᠨ ᠳᠤ ᠪᠠᠨ ᠮᠡᠷᠭᠡᠵᠢᠯ ᠦᠨ ᠠᠺᠠᠳᠧᠮᠢᠺ ᠴᠢᠳᠠᠪᠤᠷᠢ ᠠᠴᠠ ᠭᠠᠳᠠᠨ᠎ᠠ ᠬᠤᠪᠢ ᠬᠦᠮᠦᠨ ᠲᠠᠯ᠎ᠠ ᠠᠴᠠ ᠪᠠᠨ ᠶᠠᠭᠤ ᠶᠢ ᠰᠤᠷᠴᠤ᠂ ᠮᠡᠳᠡᠭᠰᠡᠨ ᠪᠤᠢ︖ -ᠶᠠᠫᠣᠨ ᠬᠦᠮᠦᠨ ᠦ ᠵᠠᠩ ᠴᠢᠨᠠᠷ ᠨᠢ ᠴᠡᠴᠡᠷᠯᠢᠭ ᠲᠦ ᠪᠠᠶᠢᠬᠤ ᠠᠴᠠ ᠪᠠᠨ ᠲᠥᠯᠦᠪᠰᠢᠳᠡᠭ ᠭᠡᠵᠦ ᠪᠣᠳᠣᠳᠠᠭ᠃ ᠶᠠᠫᠣᠨ ᠳᠤ ᠬᠡᠦᠬᠡᠳ ᠢᠶᠡᠨ ᠥᠰᠬᠡᠭᠰᠡᠨ ᠪᠣᠯᠬᠣᠷ ᠡᠭᠦᠨ ᠢ ᠪᠠᠲᠤ ᠲᠠᠢ ᠬᠡᠯᠡᠵᠦ ᠴᠢᠳᠠᠨ᠎ᠠ᠃ ᠪᠠᠰᠠ ᠨᠢᠭᠡᠨ ᠰᠠᠶᠢᠨ ᠲᠠᠯ᠎ᠠ ᠨᠢ ᠶᠠᠫᠣᠨᠴᠤᠳ ᠰᠢᠩᠲᠠ (ᠪᠥᠭᠡ ᠲᠠᠯ᠎ᠠ ᠳᠤ ᠪᠠᠨ) ᠴᠤ ᠪᠠᠢ ᠬᠣᠲᠣᠺᠡ (ᠪᠠᠭ᠎ᠠ ᠬᠥᠯᠭᠡᠨ ᠲᠠᠯ᠎ᠠ ᠳᠤ ᠪᠠᠨ) ᠴᠤ ᠪᠠᠢ ᠬᠣᠭᠣᠷᠣᠨᠳᠣ ᠨᠢ ᠢᠯᠭᠠᠬᠤ ᠶᠢᠨ ᠠᠷᠭ᠎ᠠ ᠦᠭᠡᠢ ᠬᠣᠯᠢᠯᠳᠤᠭᠰᠠᠨ᠂ ᠪᠤᠷᠬᠠᠨ ᠤ ᠱᠠᠰᠢᠨ ᠲᠠᠢ ᠬᠦᠮᠦᠰ᠃ ᠶᠠᠫᠣᠨ ᠬᠦᠮᠦᠨ ᠦ ᠠᠯᠢᠪᠠ ᠳᠤ ᠲᠡᠪᠴᠢᠶᠡᠷᠢ ᠬᠦᠯᠢᠶᠡᠴᠡᠲᠡᠢ᠂ ᠵᠣᠷᠢᠭᠰᠠᠨ ᠳᠤ ᠪᠠᠨ ᠲᠤᠤᠱᠲᠠᠢ᠂ ᠨᠠᠰᠤᠨ ᠲᠤᠷᠰᠢᠳᠠ ᠪᠠᠨ ᠬᠥᠳᠡᠯᠮᠦᠷᠢᠴᠢ ᠵᠡᠷᠭᠡ ᠨᠠᠨᠳᠢᠨ ᠴᠢᠨᠠᠷ ᠤᠳ ᠠᠴᠠ ᠨᠢ ᠰᠤᠷᠬᠤ ᠶᠢ ᠴᠢᠷᠮᠠᠶᠢᠭᠰᠠᠨ᠃ ᠣᠳᠣ ᠴᠤ ᠴᠢᠷᠮᠠᠶᠢᠭᠰᠠᠭᠠᠷ ᠯᠠ ᠶᠠᠪᠤᠨ᠎ᠠ᠃ ᠪᠢ ᠤᠷᠢᠳᠤ ᠡᠮᠦᠨ᠎ᠡ ᠮᠣᠩᠭᠣᠯ ᠤᠨ ᠲᠡᠦᠬᠡ ᠰᠤᠶᠤᠯ ᠳᠤ ᠪᠠᠨ ᠲᠡᠶᠢᠮᠦ ᠴᠤ ᠰᠦᠷᠡᠬᠡᠢ ᠠᠩᠬᠠᠷᠤᠯ ᠲᠠᠯᠪᠢᠳᠠᠭ ᠬᠦᠮᠦᠨ ᠪᠠᠶᠢᠭᠰᠠᠨ ᠦᠭᠡᠢ᠃ ᠶᠠᠫᠣᠨᠴᠤᠳ ᠠᠴᠠ ᠰᠤᠷᠣᠭᠰᠠᠨ ᠨᠢᠭᠡ ᠨᠠᠨᠳᠢᠨ ᠵᠦᠢᠯ ᠪᠣᠯ ᠲᠥᠷᠥᠯᠬᠢ ᠬᠡᠯᠡ ᠰᠤᠶᠤᠯ ᠢᠶᠠᠨ ᠨᠢᠳᠦᠨ ᠦ ᠴᠡᠴᠡᠭᠡᠢ ᠮᠡᠲᠦ ᠬᠠᠶᠢᠷᠠᠯᠠᠬᠤ᠂ ᠲᠡᠦᠬᠡ ᠪᠡᠨ ᠮᠡᠳᠡᠵᠦ᠂ ᠰᠤᠶᠤᠯ ᠤᠨ ᠥᠪ ᠢᠶᠡᠨ ᠬᠠᠶᠢᠷᠠᠯᠠᠵᠤ᠂ ᠬᠠᠮᠠᠭᠠᠯᠠᠵᠤ᠂ ᠤᠯᠠᠮ ᠢᠶᠠᠷ ᠳᠡᠯᠭᠡᠷᠡᠭᠦᠯᠬᠦ᠂ ᠤᠯᠠᠮᠵᠢᠯᠠᠯ ᠲᠡᠮᠡᠦᠯᠦᠯ ᠲᠡᠢ ᠪᠣᠯᠤᠭᠰᠠᠨ᠃ ᠶᠠᠫᠣᠨ ᠬᠦᠮᠦᠨ ᠭᠡᠵᠦ ᠬᠡᠨ ᠪᠤᠢ ᠭᠡᠳᠡᠭ ᠢ ᠣᠯᠵᠤ ᠮᠡᠳᠡᠭᠡᠳ ᠴᠤᠬᠤᠮ ᠮᠣᠩᠭᠣᠯ ᠬᠦᠮᠦᠨ ᠭᠡᠵᠦ ᠬᠡᠨ ᠪᠤᠢ᠂ ᠮᠣᠩᠭᠣᠯ ᠰᠤᠶᠤᠯ ᠭᠡᠵᠦ ᠶᠠᠭᠤ ᠶᠤᠮ ᠪᠤᠢ ᠵᠡᠷᠭᠡ ᠶᠢ ᠡᠷᠭᠢᠴᠡᠭᠦᠯᠦᠨ ᠪᠣᠳᠣᠵᠤ᠂ ᠥᠪᠡᠷ ᠢ ᠪᠡᠨ ᠣᠯᠵᠤ᠂ ᠤᠬᠠᠮᠰᠠᠷᠯᠠᠬᠤ ᠪᠣᠯᠤᠮᠵᠢ ᠨᠠᠳᠠ ᠳᠤ ᠣᠯᠳᠠᠭᠰᠠᠨ ᠶᠤᠮ᠃ ᠠᠯᠢᠪᠠ ᠳᠤ ᠬᠠᠨᠳᠤᠬᠤ ᠬᠠᠨᠳᠤᠯᠭ᠎ᠠ ᠶᠢ ᠶᠠᠫᠣᠨᠴᠤᠳ ᠠᠴᠠ ᠯᠠ ᠰᠠᠶᠢᠨ ᠰᠤᠷᠣᠭᠰᠠᠨ᠂ ᠰᠤᠷᠣᠭᠰᠠᠭᠠᠷ ᠴᠤ ᠪᠠᠶᠢᠭ᠎ᠠ ᠭᠡᠵᠦ ᠪᠣᠳᠣᠳᠠᠭ᠃ ᠦᠨᠡᠨ ᠳᠦ ᠪᠡᠨ ᠶᠠᠫᠣᠨ ᠳᠤ ᠰᠤᠷᠣᠭᠠᠳ ᠮᠢᠨᠦ ᠣᠶᠤᠨ ᠤ ᠶᠢᠷᠲᠢᠨᠴᠦ ᠲᠡᠯᠡᠵᠦ᠂ ᠤᠬᠠᠭᠠᠨ ᠮᠢᠨᠢ ᠵᠠᠳᠠᠷᠠᠵᠤ ᠬᠥᠭᠵᠢᠭᠰᠡᠨ ᠰᠢᠦ᠃ -ᠴᠠᠬᠢᠭᠤᠷ ᠤᠨ ᠬᠥᠨᠳᠡᠢ ᠳᠦ ᠬᠡᠵᠢᠶᠡᠨ ᠡᠴᠡ ᠠᠵᠢᠯᠯᠠᠵᠤ ᠡᠬᠢᠯᠡᠭᠰᠡᠨ ᠪᠤᠢ︖ -ᠫᠣᠰᠲ ᠳ᠋ᠣᠺᠲ᠋ᠣᠷ ᠬᠢᠭᠰᠡᠨ ᠦ ᠳᠠᠷᠠᠭ᠎ᠠ ᠠᠺᠠᠳᠧᠮᠢᠺ ᠬᠡᠪ ᠢᠶᠡᠷ ᠦᠯᠡᠳᠡᠬᠦ ᠦᠦ᠂ ᠠᠯᠢ ᠨᠢᠭᠡᠨ ᠬᠤᠪᠢ ᠶᠢᠨ ᠰᠠᠯᠪᠤᠷᠢ ᠳᠤ ᠮᠡᠷᠭᠡᠵᠢᠯ ᠢᠶᠡᠷ ᠢᠶᠡᠨ ᠠᠵᠢᠯᠯᠠᠬᠤ ᠤᠤ ᠭᠡᠰᠡᠨ ᠬᠣᠶᠠᠷ ᠰᠣᠩᠭᠣᠯᠲᠠ ᠶᠢᠨ ᠨᠢᠭᠡ ᠶᠢ ᠰᠤᠩᠭᠤᠬᠤ ᠱᠠᠭᠠᠷᠳᠠᠯᠭ᠎ᠠ ᠲᠤᠯᠭᠠᠷᠠᠭᠰᠠᠨ ᠶᠤᠮ᠃ ᠮᠢᠨᠦ ᠬᠤᠪᠢ ᠳᠤ ᠠᠺᠠᠳᠧᠮᠢᠺ ᠰᠣᠩᠭᠣᠯᠲᠠ ᠬᠢᠬᠦ ᠨᠥᠬᠥᠴᠡᠯ ᠣᠯᠠᠨ ᠲᠠᠯ᠎ᠠ ᠪᠠᠷ ᠢᠶᠠᠨ ᠬᠠᠷᠠᠬᠠᠨ ᠪᠥᠷᠢᠳᠦᠭᠡ ᠦᠭᠡᠢ ᠪᠠᠶᠢᠭᠰᠠᠨ ᠲᠤᠯᠠ МТ ᠍ ᠦᠨ ᠰᠠᠯᠪᠤᠷᠢ ᠳᠤ ᠭᠠᠷᠴᠤ᠂ ᠥᠪᠡᠷ ᠦᠨ ᠮᠡᠷᠭᠡᠵᠢᠯ ᠢᠶᠡᠷ ᠢᠶᠡᠨ ᠠᠵᠢᠯᠯᠠᠬᠤ ᠪᠠᠷ ᠰᠢᠢᠳᠥᠭᠰᠡᠨ᠃ ᠲᠡᠭᠡᠭᠡᠳ ᠰᠠᠨᠠᠯ᠎ ᠢᠶᠡᠨ ᠤᠳᠤᠷᠢᠳᠤᠭᠴᠢ ᠫᠷᠣᠹᠧᠰᠰᠣᠷ ᠲᠤ ᠪᠠᠨ ᠬᠡᠯᠡᠬᠦ ᠳᠦ᠂ ᠮᠢᠨᠦ ᠰᠠᠨᠠᠯ ᠢ ᠶᠡᠬᠡᠳᠡ ᠬᠦᠨᠳᠦᠳᠬᠡᠯᠲᠡᠢ ᠬᠦᠯᠢᠶᠡᠨ ᠠᠪᠴᠤ᠂ ᠬᠡᠷᠬᠢᠨ ᠬᠤᠪᠢ ᠶᠢᠨ ᠺᠣᠮᠫᠠᠨᠢ ᠨᠤᠭᠤᠳ ᠲᠤ ᠤᠷᠤᠬᠤ ᠲᠠᠯ᠎ᠠ ᠪᠠᠷ ᠨᠠᠳᠠ ᠳᠤ ᠵᠥᠪᠯᠡᠭᠰᠡᠨ᠃ МИТ ᠺᠠᠮᠫᠤᠶᠢᠰ ᠳᠡᠭᠡᠷ᠎ᠡ ᠢᠷᠡᠵᠦ᠂ ᠺᠣᠮᠫᠠᠨᠢ ᠪᠠᠨ ᠲᠠᠨᠢᠯᠴᠠᠭᠤᠯᠳᠠᠭ ᠪᠣᠯᠪᠠᠰᠤᠨ ᠬᠦᠴᠦᠨ ᠦ ᠠᠵᠢᠯᠴᠢᠳ ᠤᠨ ᠢᠯᠡᠳᠬᠡᠯ ᠦᠨ ᠬᠢ ᠨᠢ ᠳᠠᠷᠠᠭ᠎ᠠ ᠠᠭᠤᠯᠵᠠᠭᠠᠳ᠂ ᠠᠨᠺᠧᠲ ᠢᠶᠠᠨ ᠲᠡᠳᠡᠨ ᠳᠦ ᠥᠭᠴᠦ ᠡᠬᠢᠯᠡᠭᠰᠡᠨ᠃ ᠲᠡᠷᠡ ᠦᠶ᠎ᠡ ᠳᠦ ᠮᠢᠨᠦ ᠭᠣᠣᠯ ᠲᠠᠯᠪᠢᠭᠰᠠᠨ ᠪᠣᠯᠵᠣᠯ ᠪᠣᠯ ᠭᠠᠳᠠᠭᠠᠳᠤ ᠶᠢᠨ ᠢᠷᠭᠡᠳ ᠲᠦ ᠠᠵᠢᠯ ᠤᠨ ᠸᠢᠽ ᠣᠯᠭᠤᠳᠠᠭ ᠺᠣᠮᠫᠠᠨᠢ ᠶᠢ ᠤᠯᠬᠤ ᠶᠠᠪᠤᠳᠠᠯ ᠪᠠᠶᠢᠯ᠎ᠠ᠃ ᠴᠠᠯᠢᠩ ᠤᠨ ᠰᠠᠨᠠᠯ ᠪᠣᠯ ᠲᠡᠶᠢᠮᠦ ᠴᠢᠬᠤᠯᠠ ᠪᠢᠰᠢ ᠰᠠᠨᠠᠭᠳᠠᠭᠰᠠᠨ ᠬᠡᠷᠡᠭ᠃ ᠲᠡᠭᠡᠭᠡᠳ ᠬᠡᠳᠦ ᠬᠡᠳᠦᠨ ᠺᠣᠮᠫᠠᠨᠢ ᠳᠤ ᠶᠠᠷᠢᠯᠴᠠᠯᠭ᠎ᠠ ᠥᠭᠭᠦᠭᠡᠳ᠂ ᠮᠡᠳᠡᠭᠡᠯᠡᠯ ᠦᠨ ᠰᠠᠩ ᠤᠨ ᠫᠷᠣᠭ᠍ᠷᠠᠮ ᠬᠠᠩᠭᠠᠮᠵᠢ ᠬᠢᠳᠡᠭ ᠣᠷᠠᠺᠯ ᠺᠣᠮᠫᠠᠨᠢ ᠶᠢᠨ ᠥᠬᠢᠨ ᠺᠣᠮᠫᠠᠨᠢ ᠪᠣᠯᠬᠤ ᠺ ᠦᠲ᠋ᠧᠺᠰ ᠬᠡᠮᠡᠬᠦ ᠰᠲ᠋ᠠᠷᠲ ᠠᠫᠫ ᠲᠦ ᠤᠷᠤᠬᠤ ᠪᠣᠯᠤᠯ᠎ᠠ᠃ ᠡᠨᠡ ᠺᠣᠮᠫᠠᠨᠢ ᠶᠢ ᠣᠷᠠᠺᠯ ᠤᠨ ᠠᠮᠧᠷᠢᠺᠠ ᠳᠠᠬᠢ СЕО ᠪᠠᠶᠢᠭᠰᠠᠨ ᠭᠠᠷᠷᠢ ᠺᠧᠨᠨᠢᠳᠢ᠂ СТО ᠪᠠᠶᠢᠭᠰᠠᠨ ᠵᠧᠹᠹ ᠸᠣᠺᠧᠷ ᠭᠡᠳᠡᠭ ᠬᠣᠶᠠᠷ ᠬᠦᠮᠦᠨ ᠪᠠᠶᠢᠭᠤᠯᠤᠭᠰᠠᠨ᠂ ᠤᠳᠠᠯ ᠦᠭᠡᠢ ᠨᠡᠷ᠎ᠡ ᠨᠢ ᠲᠡᠩᠹᠣᠯᠳ᠋ ᠪᠣᠯᠵᠤ ᠰᠣᠯᠢᠭᠳᠠᠭᠰᠠᠨ᠃ ᠡᠨᠡ ᠺᠣᠮᠫᠠᠨᠢ ᠳᠤ ᠳᠣᠲ᠋ᠺᠣᠮ ᠺᠷᠠᠰᠢ ᠶᠢᠨ ᠦᠶ᠎ᠡ ᠪᠡᠷ ᠳᠠᠮᠫᠤᠤᠷᠠᠲᠠᠯ᠎ᠠ ᠨᠢ ᠳᠥᠷᠪᠡᠨ ᠵᠢᠯ ᠠᠵᠢᠯᠯᠠᠪᠠ᠃ 2001 ᠣᠨ ᠤ ᠶᠢᠰᠦᠳᠦᠭᠡᠷ ᠰᠠᠷ᠎ᠠ ᠶᠢᠨ 11 ᠍ ᠦ ᠬᠡᠷᠡᠭ ︵ᠠᠮᠧᠷᠢᠺᠠ ᠶᠢᠨ ᠨᠢᠭᠡᠳᠦᠭᠰᠡᠨ ᠤᠯᠤᠰ ᠤᠨ ᠨᠶᠤᠢᠣᠷᠺ ᠪᠠ ᠸᠠᠰᠢᠩᠲ᠋ᠣᠨ ᠬᠣᠲᠠ ᠨᠤᠭᠤᠳ ᠤᠷᠤᠭᠤ ᠠᠯᠢ ᠺᠠᠢ ᠳᠠ ᠲᠧᠷᠷᠣᠷᠢᠰᠲ ᠪᠠᠶᠢᠭᠤᠯᠤᠯᠭ᠎ᠠ ᠶᠢᠨ ᠭᠡᠰᠢᠭᠦᠳ ᠬᠠᠯᠳᠠᠯᠭ᠎ᠠ ᠬᠢᠵᠦ ᠳᠥᠷᠪᠡᠨ ᠵᠣᠷᠴᠢᠭᠴᠢ ᠲᠡᠭᠡᠭᠡᠪᠦᠷᠢ ᠶᠢᠨ ᠣᠩᠭᠣᠴᠠ ᠶᠢ ᠪᠤᠯᠢᠶᠠᠨ ᠡᠵᠡᠯᠡᠵᠦ ᠳᠡᠯᠡᠬᠡᠢ ᠶᠢᠨ ᠬᠤᠳᠠᠯᠳᠤᠭᠠᠨ ᠤ ᠲᠥᠪ ᠥᠨᠳᠥᠷ ᠪᠠᠷᠢᠯᠭ᠎ᠠ ᠪᠠ ᠫᠧᠨ᠋ᠲ᠋ᠠᠭᠣᠨ ᠤ ᠲᠥᠪ ᠪᠠᠶᠢᠷᠢ ᠶᠢ ᠮᠥᠷᠭᠥᠵᠦ ᠨᠤᠷᠠᠭᠠᠭᠰᠠᠨ︶ ᠭᠠᠷᠬᠤ ᠦᠶ᠎ᠡ ᠳᠦ ᠠᠮᠧᠷᠢᠺᠠ ᠳᠤ ᠶᠡᠬᠡ ᠵᠦᠢᠯ ᠥᠭᠡᠷᠡᠴᠢᠯᠡᠭᠳᠡᠭᠰᠡᠨ᠂ ᠣᠯᠠᠨ ᠮᠢᠩᠭᠠᠨ ᠫᠦᠰᠡ᠂ ᠺᠣᠮᠫᠠᠨᠢ ᠡᠭᠦᠳᠡ ᠪᠡᠨ ᠪᠠᠷᠢᠭᠰᠠᠨ᠃ ᠮᠠᠨ ᠤ ᠺᠣᠮᠫᠠᠨᠢ ᠴᠤ ᠮᠥᠨ ᠪᠢᠽᠢᠨ᠋ᠧᠰ ᠢᠶᠡᠨ ᠠᠯᠳᠠᠵᠤ ᠡᠴᠦᠰ ᠲᠡᠭᠡᠨ ᠳᠠᠮᠫᠤᠤᠷᠠᠭᠰᠠᠨ ᠶᠤᠮ᠃ ᠺᠣᠮᠫᠠᠨᠢ ᠮᠠᠨᠢ 1200 ᠬᠥᠮᠦᠨ ᠢᠶᠡᠨ ᠵᠢᠷᠭᠤᠭᠠᠨ ᠤᠳᠠᠭ᠎ᠠ ᠶᠢᠨ ᠴᠣᠮᠬᠠᠳᠬᠠᠯ ᠢᠶᠠᠷ ᠳᠠᠮᠵᠢᠨ ᠬᠠᠯᠠᠭᠰᠠᠭᠠᠷ ᠶᠡᠷᠦᠳᠡᠭᠡᠨ 30 ᠬᠦᠮᠦᠨ ᠲᠡᠢ ᠦᠯᠡᠳᠡᠭᠡᠳ᠂ ᠡᠴᠦᠰ ᠲᠡᠭᠡᠨ ᠬᠠᠭᠠᠯᠭ᠎ᠠ ᠪᠠᠨ ᠪᠠᠷᠢᠬᠤ ᠲᠡᠷᠡ ᠮᠥᠴᠡ ᠳᠦ ᠮᠠᠨ ᠤ ᠨᠢᠭᠡᠨ ᠦᠢᠯᠡᠴᠢᠯᠡᠭᠦᠯᠦᠭᠴᠢ ᠪᠣᠯᠬᠤ ᠣᠣᠯᠰᠲᠠᠢ᠌ᠢᠳ᠋ ᠳᠠᠭᠠᠳᠬᠠᠯ ᠤᠨ ᠺᠣᠮᠫᠠᠨᠢ ᠪᠢᠽᠢᠨ᠋ᠧᠰ ᠢᠶᠡᠨ ᠬᠠᠮᠠᠭᠠᠯᠠᠬᠤ ᠶᠢᠨ ᠲᠤᠯᠠᠳᠠ ᠪᠢᠳᠡᠨ ᠢ ᠠᠵᠢᠯ ᠳᠤ ᠠᠪᠴᠤ᠂ ᠴᠠᠬᠢᠭᠤᠷ ᠤᠨ ᠬᠥᠨᠳᠡᠢ ᠳᠦ ᠰᠢᠨ᠎ᠡ ᠰᠠᠯᠪᠤᠷᠢ ᠪᠠᠨ ᠨᠡᠭᠡᠭᠡᠭᠰᠡᠨ ᠶᠤᠮ᠃ ᠣᠳᠣ ᠡᠨᠡ ᠺᠣᠮᠫᠠᠨᠢ ᠶᠢᠨ ᠢᠶᠠᠨ МТ ᠰᠠᠯᠪᠤᠷᠢ ᠳᠤ ᠫᠷᠣᠭ᠍ᠷᠠᠮ ᠬᠠᠩᠭᠠᠮᠵᠢ ᠶᠢᠨ ᠠᠬᠠᠯᠠᠬᠤ ᠢᠨᠵᠧᠨᠧᠷ ᠢᠶᠡᠷ 16 ᠳᠠᠬᠢ ᠵᠢᠯ ᠳᠦ ᠪᠡᠨ ᠠᠵᠢᠯᠯᠠᠵᠤ ᠪᠠᠶᠢᠨ᠎ᠠ᠃ ᠥᠷᠢᠰᠦᠯᠳᠦᠭᠡᠨ ᠦ ᠡᠨᠡ ᠬᠦᠨᠳᠦ ᠨᠡᠶᠢᠭᠡᠮ ᠳᠦ ᠡᠳᠦᠢ ᠪᠣᠯᠲᠠᠯ᠎ᠠ ᠠᠮᠢ ᠵᠢᠭᠤᠵᠤ ᠢᠷᠡᠬᠦ ᠳᠦ᠂ ᠡᠮᠡᠭᠡ ᠶᠢᠨ ᠮᠠᠨᠢ ᠣᠯᠭᠤᠭᠰᠠᠨ ᠶᠠᠰᠤᠨ ᠤ ᠬᠥᠳᠡᠯᠮᠦᠷᠢᠴᠢ ᠵᠤᠷᠰᠢᠯ᠂ ᠰᠢᠨᠵᠢᠯᠡᠬᠦ ᠤᠬᠠᠭᠠᠨ ᠳᠤ ᠰᠠᠭᠤᠷᠢᠯᠠᠭᠰᠠᠨ ᠣᠷᠣᠰ ᠪᠣᠯᠪᠠᠰᠤᠷᠠᠯ᠂ ᠶᠠᠫᠣᠨ ᠳᠤ ᠣᠯᠤᠭᠰᠠᠨ ᠲᠤᠶᠢᠯᠪᠤᠷᠢᠲᠠᠢ᠂ ᠲᠡᠪᠴᠢᠶᠡᠷᠢ ᠲᠡᠢ ᠵᠠᠩ ᠴᠢᠨᠠᠷ ᠤᠳ ᠮᠡᠳᠡᠭᠡᠵᠢ ᠲᠤᠰᠠ ᠨᠡᠮᠡᠷᠢ ᠪᠣᠯᠤᠭᠰᠠᠨ᠃ ᠠᠮᠧᠷᠢᠺᠠ ᠳᠤ ᠠᠵᠢᠯᠯᠠᠵᠤ ᠬᠥᠳᠡᠯᠮᠦᠷᠢᠯᠡᠵᠦ ᠪᠤᠢ ᠲᠤᠯᠠ ᠠᠩᠭᠯᠢ ᠬᠡᠯᠡ ᠰᠠᠶᠢᠲᠤᠷ ᠰᠤᠷᠬᠤ ᠨᠢ ᠠᠮᠵᠢᠯᠲᠠ ᠶᠢᠨ ᠦᠨᠳᠦᠰᠦ ᠪᠣᠯᠤᠨ᠎ᠠ᠃ ᠡᠭᠦᠨ ᠲᠡᠢ ᠨᠢᠭᠡᠨ ᠠᠳᠠᠯᠢ ᠮᠣᠩᠭᠣᠯ ᠳᠤ ᠠᠮᠢᠳᠤᠷᠠᠬᠤ ᠬᠥᠮᠦᠨ ᠳ᠋ᠤ ᠪᠣᠯ ᠮᠣᠩᠭᠣᠯ ᠬᠡᠯᠡ ᠪᠡᠨ ᠬᠢᠴᠢᠶᠡᠩᠭᠦᠶᠢᠯᠡᠵᠦ ᠰᠤᠷᠬᠤ ᠨᠢ ᠠᠮᠵᠢᠯᠲᠠ ᠭᠠᠷᠭᠠᠬᠤ ᠶᠢᠨ ᠡᠬᠢᠨ ᠦ ᠠᠯᠬᠤᠮ ᠰᠢᠦ᠃ -ᠣᠳᠣ ᠣᠣᠯᠰᠲᠡᠢᠳ ᠳᠠᠭᠠᠳᠬᠠᠯ ᠤᠨ ᠫᠷᠣᠭ᠍ᠷᠠᠮ ᠬᠠᠩᠭᠠᠮᠵᠢ ᠶᠢᠨ ᠺᠣᠮᠫᠠᠨᠢ ᠳᠤ ᠵᠥᠪᠯᠡᠬᠦ ᠮᠡᠷᠭᠡᠵᠢᠯᠲᠡᠨ ᠢᠶᠡᠷ ᠠᠵᠢᠯᠯᠠᠵᠤ ᠪᠠᠶᠢᠭ᠎ᠠ ᠭᠡᠰᠡᠨ᠃ ᠶᠠᠭ ᠶᠠᠮᠠᠷ ᠴᠢᠭᠯᠡᠯ ᠢᠶᠡᠷ ᠬᠡᠷᠬᠢᠨ ᠠᠵᠢᠯᠯᠠᠵᠤ ᠪᠠᠶᠢᠨ᠎ᠠ ᠪᠤᠢ︖ -ᠲᠡᠩᠹᠣᠯ ᠳᠤ ᠺᠣᠮᠫᠠᠨᠢ ᠠᠴᠠ ᠪᠠᠨ ᠤᠯᠠᠮᠵᠢᠯᠠᠵᠤ ᠠᠪᠤᠭᠰᠠᠨ ᠲᠧᠺᠨᠣᠯᠣᠭᠢ ᠪᠠᠨ ᠤᠯᠠᠮ ᠬᠥᠭᠵᠢᠭᠦᠯᠵᠦ᠂ ᠴᠠᠭ ᠢᠮᠠᠭᠲᠠ ᠰᠠᠶᠢᠵᠢᠷᠠᠭᠤᠯᠵᠤ᠂ ᠱᠠᠭᠠᠷᠳᠠᠯᠭ᠎ᠠ ᠲᠠᠢ ᠵᠦᠢᠯᠡᠰ ᠢ ᠨᠢ ᠰᠡᠯᠪᠢᠨ ᠰᠢᠨᠡᠴᠢᠯᠡᠵᠦ᠂ ᠣᠷᠴᠢᠨ ᠦᠶ᠎ᠡ ᠶᠢᠨ ᠲᠧᠭᠨᠣᠯᠣᠭᠢ ᠶᠢᠨ ᠬᠥᠭᠵᠢᠯ ᠲᠡᠢ ᠠᠯᠬᠤᠭ᠎ᠠ ᠨᠡᠶᠢᠯᠡᠭᠦᠯᠦᠨ᠎ᠡ᠃ ᠡᠨᠡ ᠯᠠ ᠪᠢᠳᠡᠨ ᠦ ᠭᠣᠣᠯ ᠠᠵᠢᠯ ᠶᠤᠮ᠃ ᠴᠠᠭ ᠢᠮᠠᠭᠲᠠ ᠰᠢᠨ᠎ᠡ ᠶᠠᠭᠤᠮ᠎ᠠ ᠰᠤᠷᠴᠤ᠂ ᠰᠢᠨ᠎ᠡ ᠳᠡᠪᠰᠢᠯ ᠲᠡᠢ ᠵᠦᠢᠯ ᠢ ᠤᠯᠠᠮᠵᠢᠯᠠᠯᠳᠤ ᠲᠧᠭᠨᠣᠯᠣᠭᠢ ᠳᠤ ᠪᠠᠨ ᠨᠡᠮᠡᠵᠦ ᠰᠠᠶᠢᠵᠢᠷᠠᠭᠤᠯᠤᠨ᠎ᠠ ᠭᠡᠰᠡᠨ ᠦᠭᠡ᠃ ᠮᠢᠨᠦ ᠠᠵᠢᠯ ᠤᠨ ᠣᠨᠴᠠᠯᠢᠭ ᠭᠡᠪᠡᠯ ᠳᠠᠷᠤᠭ᠎ᠠ ᠪᠣᠯᠤᠭᠠᠳ ᠳᠡᠭᠡᠭᠰᠢ ᠳᠡᠪᠰᠢᠬᠦ ᠳᠤᠷ᠎ᠠ ᠦᠭᠡᠢ᠂ ᠲᠥᠰᠥᠯ ᠡᠴᠡ ᠲᠥᠰᠥᠯ ᠳᠦ ᠠᠵᠢᠯᠯᠠᠵᠤ ᠰᠢᠨ᠎ᠡ ᠪᠡᠷ ᠰᠤᠷᠴᠤ ᠰᠢᠨ᠎ᠡ ᠶᠢ ᠪᠦᠲᠦᠭᠡᠭᠡᠳ ᠶᠠᠪᠤᠵᠤ ᠪᠠᠶᠢᠨ᠎ᠠ᠃ ᠬᠢᠵᠦ ᠪᠦᠲᠡᠭᠡᠭᠰᠡᠨ ᠦ ᠬᠢ ᠪᠡᠨ ᠬᠢᠷᠢ ᠪᠡᠷ ᠯᠠ ᠴᠠᠯᠢᠩ ᠬᠥᠯᠥᠰᠥ ᠪᠡᠨ ᠠᠪᠤᠨ᠎ᠠ᠃ ᠳᠠᠷᠤᠭ᠎ᠠ ᠪᠣᠯᠤᠭᠠᠳ ᠳᠡᠪᠰᠢᠭᠰᠡᠨ ᠬᠦᠮᠦᠰ ᠲᠧᠺᠨᠣᠯᠣᠭᠢ ᠠᠴᠠ ᠬᠣᠯᠠᠳᠠᠭᠠᠳ ᠮᠡᠷᠭᠡᠵᠢᠯ ᠢᠶᠡᠷ ᠢᠶᠡᠨ ᠠᠮᠠᠷᠬᠠᠨ ᠵᠡᠪᠡᠷᠢᠴᠢᠬᠡᠳᠡᠭ ᠶᠤᠮ᠃ ᠡᠪᠡᠷᠲᠡᠨ ᠲᠠᠭᠤᠷᠠᠢ᠌ᠲᠠᠨ ᠲᠠᠢ ᠬᠡᠲᠦ ᠣᠶᠢᠷᠠᠳᠴᠤ ᠰᠤᠯᠠ ᠲᠠᠯ᠎ᠠ ᠪᠠᠨ ᠠᠮᠠᠷᠬᠠᠨ ᠲᠠᠨᠢᠭᠤᠯᠬᠤ ᠲᠤᠯᠠ ᠠᠵᠢᠯ ᠤᠨ ᠪᠠᠶᠢᠷᠢ ᠪᠠᠨ ᠠᠯᠳᠠᠬᠤ ᠣᠰᠣᠯ ᠲᠠᠢ᠃ ᠨᠢᠭᠡᠨᠲᠡ ᠡᠨᠡ ᠣᠷᠣᠨ ᠤ ᠬᠥᠷᠦᠰᠥᠨ ᠳᠡᠭᠡᠷ᠎ᠡ ᠤᠷᠭᠤᠵᠤ ᠴᠡᠴᠡᠭᠯᠡᠭᠡ ᠦᠭᠡᠢ ᠬᠦᠮᠦᠨ ᠲᠤᠯᠠ ᠲᠧᠺᠨᠣᠯᠣᠭᠢ ᠪᠠᠨ ᠯᠠ ᠪᠠᠷᠢᠭᠰᠠᠨ ᠨᠢ ᠠᠮᠢᠨ ᠳᠤ ᠥᠯᠵᠡᠶᠢᠲᠡᠢ ᠭᠡᠵᠦ ᠪᠣᠳᠣᠳᠠᠭ ᠶᠤᠮ᠃ -ᠮᠠᠨ ᠤ ᠮᠡᠳᠡᠭᠡᠯᠡᠯ ᠦᠨ ᠲᠧᠭᠨᠣᠯᠣᠭᠢ ᠶᠢᠨ ᠢᠨᠵᠧᠨᠧᠷ ᠦᠳ ᠪᠦᠲᠦᠭᠡᠭᠳᠡᠬᠦᠨ ᠬᠢᠵᠦ ᠭᠠᠳᠠᠭᠠᠳᠤ ᠵᠠᠬ᠎ᠠ ᠵᠡᠭᠡᠯᠢ ᠳᠦ ᠭᠠᠷᠭᠠᠬᠤ ᠪᠣᠯᠤᠮᠵᠢ ᠬᠢᠷᠢ ᠪᠠᠶᠢᠳᠠᠭ ᠪᠤᠢ᠃ ᠶᠡᠷᠦ ᠨᠢ ᠮᠣᠩᠭᠣᠯ ᠳᠤ МТ ᠍ ᠦᠨ ᠰᠠᠯᠪᠤᠷᠢ ᠶᠢ ᠬᠥᠭᠵᠢᠭᠦᠯᠬᠦ ᠳᠦ ᠶᠠᠮᠠᠷ ᠭᠠᠷᠭᠠᠯᠭ᠎ᠠ ᠪᠠᠶᠢᠨ᠎ᠠ ᠪᠤᠢ︖ -ᠡᠨᠡ ᠲᠠᠯ᠎ᠠ ᠪᠠᠷ ᠨᠠᠳᠠ ᠳᠤ ᠲᠡᠭᠡᠵᠦ᠂ ᠢᠩᠭᠢᠵᠦ ᠴᠢᠳᠠᠨ᠎ᠠ ᠭᠡᠰᠡᠨ ᠶᠠᠮᠠᠷ ᠨᠢᠭᠡᠨ ᠲᠥᠰᠥᠭᠡᠯᠡᠯ ᠠᠯᠠᠭ᠎ᠠ ᠪᠠᠶᠢᠨ᠎ᠠ᠃ ᠮᠢᠨᠦ ᠪᠣᠳᠣᠯ ᠢᠶᠠᠷ ᠮᠠᠨ ᠤ ᠳᠤ ᠭᠠᠳᠠᠭᠠᠳᠤ ᠶᠢᠨ ᠵᠠᠬ᠎ᠠ ᠵᠡᠭᠡᠯᠢ ᠳᠦ ᠭᠠᠷᠴᠤ ᠥᠷᠢᠰᠦᠯᠳᠡᠬᠦ ᠬᠡᠮᠵᠢᠶᠡᠨ ᠦ ᠲᠧᠭᠨᠣᠯᠣᠭᠢ ᠡᠵᠡᠮᠰᠢᠭᠰᠡᠨ ᠮᠡᠷᠭᠡᠵᠢᠯᠲᠡᠨ ᠲᠡᠶᠢᠮᠦ ᠣᠯᠠᠨ ᠪᠢᠰᠢ᠂ ᠲᠡᠳᠡᠨ ᠢ ᠭᠠᠷᠭᠠᠵᠤ ᠢᠷᠡᠬᠦ ᠯᠣᠪᠪᠢᠨ ᠤ ᠭᠷᠦᠶᠢᠫ ᠪᠥᠷᠢᠯᠳᠦᠭᠡ ᠦᠭᠡᠢ᠂ ᠲᠡᠭᠡᠭᠡᠳ ᠡᠨᠡ ᠰᠠᠯᠪᠤᠷᠢ ᠤᠯᠤᠰ ᠲᠥᠷᠦᠴᠢᠳ ᠡᠴᠡ ᠬᠠᠮᠢᠶᠠᠷᠴᠣ ᠪᠠᠶᠢᠭ᠎ᠠ ᠥᠨᠥ ᠶᠢᠨ ᠨᠥᠬᠥᠴᠡᠯ ᠳᠦ ᠲᠡᠶᠢᠮᠦ ᠠᠮᠠᠷ ᠪᠥᠲᠥᠬᠦ ᠦᠭᠡᠢ ᠯᠠ ᠪᠠᠶᠢᠬᠤ᠃ ᠮᠣᠩᠭᠣᠯ ᠪᠢᠴᠢᠭ ᠦᠨ ᠲᠡᠭ ᠢ ᠳᠡᠯᠡᠬᠡᠢ ᠶᠢᠨ ᠰᠲ᠋ᠠᠨᠳᠠᠷᠲ ᠲᠤ ᠤᠷᠤᠭᠤᠯᠬᠤ ᠭᠡᠬᠦ ᠳᠦ ᠥᠪᠡᠷ ᠦᠨ ᠢᠶᠡᠨ ᠬᠦᠮᠦᠰ ᠢ ᠳᠡᠮᠵᠢᠬᠦ ᠦᠭᠡᠢ᠂ ᠲᠥᠷᠥ ᠵᠠᠰᠠᠭ ᠤᠨ ᠬᠡᠮᠵᠢᠶᠡᠨ ᠳᠦ ᠬᠢᠲᠠᠳ ᠤᠨ ᠪᠣᠯᠪᠠᠰᠤᠷᠠᠭᠤᠯᠤᠭᠰᠠᠨ ᠬᠤᠪᠢᠯᠪᠤᠷᠢ ᠶᠢ ᠬᠦᠯᠢᠶᠡᠨ ᠠᠪᠬᠤ ᠶᠠᠩᠵᠤᠲᠠᠢ ᠪᠣᠯᠤᠭᠰᠠᠨ ᠪᠠᠶᠢᠨ᠎ᠠ᠃ ᠡᠶᠢᠮᠦ ᠠᠷ ᠰᠠᠭᠠᠷ ᠵᠦᠢᠯ ᠢᠶᠡᠨ ᠤᠯᠤᠰ ᠣᠷᠣᠨ ᠳᠣᠲᠣᠷ᠎ᠠ ᠪᠠᠨ ᠬᠠᠮᠲᠤᠷᠠᠭᠠᠳ ᠰᠢᠢᠳᠴᠦ ᠴᠢᠳᠠᠬᠤ ᠦᠭᠡᠢ ᠪᠠᠶᠢᠬᠤ ᠳᠤ ᠳᠡᠯᠡᠬᠡᠢ ᠳᠦ ᠭᠠᠷᠤᠨ᠎ᠠ᠂ ᠭᠠᠷᠭᠠᠨ᠎ᠠ ᠭᠡᠵᠦ ᠶᠠᠭᠤ ᠪᠠᠶᠢᠬᠤ ᠪᠢᠯᠡ ᠳ᠋ᠡ᠃ МТ ᠰᠠᠯᠪᠤᠷᠢ ᠶᠢ ᠬᠥᠭᠵᠢᠭᠦᠯᠬᠦ ᠡᠰᠡᠬᠦ ᠨᠢ ᠲᠤᠰ ᠪᠣᠳᠣᠯᠭ᠎ᠠ ᠶᠢ ᠮᠣᠩᠭᠣᠯ ᠳᠤ ᠪᠠᠷᠢᠵᠤ ᠪᠤᠢ ᠬᠦᠮᠦᠰ ᠡᠴᠡ ᠰᠢᠭᠤᠳ ᠬᠠᠮᠢᠶᠠᠷᠤᠨ᠎ᠠ᠃ -ᠥᠨᠳᠥᠷ ᠬᠥᠭᠵᠢᠯᠲᠡᠢ ᠣᠷᠣᠨ ᠳᠤ ᠠᠵᠢᠯᠯᠠᠵᠤ᠂ ᠠᠮᠢᠳᠤᠷᠠᠵᠤ ᠪᠠᠶᠢᠭ᠎ᠠ ᠬᠦᠮᠦᠨ ᠦ ᠬᠤᠪᠢ ᠳᠤ ᠡᠬᠡ ᠣᠷᠣᠨ ᠢᠶᠠᠨ ᠬᠥᠨᠳᠡᠯᠡᠨ ᠤ ᠨᠢᠳᠦ ᠪᠡᠷ ᠠᠵᠢᠭᠯᠠᠵᠤ ᠴᠢᠳᠠᠳᠠᠭ᠂ ᠬᠥᠭᠵᠢᠭᠦᠯᠵᠦ ᠥᠭᠡᠷᠡᠴᠢᠯᠡᠬᠦ ᠱᠠᠭᠠᠷᠳᠠᠯᠭ᠎ᠠ ᠲᠠᠢ ᠪᠠᠶᠢᠭ᠎ᠠ ᠲᠠᠯ᠎ᠠ ᠤᠳ ᠲᠤ ᠨᠢ ᠢᠯᠡᠭᠦᠦ ᠭᠢᠷᠠᠬᠠᠢ ᠪᠠᠶᠢᠳᠠᠭ ᠰᠢᠭ ᠰᠠᠨᠠᠭᠳᠠᠳᠠᠭ᠃ ᠲᠠᠨ ᠤ ᠬᠤᠪᠢ ᠳᠤ ᠶᠠᠭᠤ ᠶᠢ ᠥᠭᠡᠷᠡᠴᠢᠯᠡᠬᠦ ᠶᠤᠮᠰᠠᠨ ᠭᠡᠵᠦ ᠪᠣᠳᠣᠳᠠᠭ ᠪᠤᠢ︖ -ᠮᠣᠩᠭᠣᠯ ᠬᠦᠮᠦᠨ ᠲᠥᠯᠥᠪᠰᠢᠵᠦ ᠬᠦᠮᠦᠨ ᠪᠣᠯᠬᠤ ᠰᠢᠰᠲ᠋ᠧᠮ ᠨᠢ ᠳᠣᠭᠣᠯᠳᠠᠯ ᠲᠠᠢ ᠪᠠᠶᠢᠭ᠎ᠠ ᠤᠴᠢᠷ ᠠᠴᠠ ᠤᠯᠤᠰ ᠲᠥᠷᠦᠴᠢᠳ ᠪᠦᠬᠦᠨ ᠢ ᠮᠡᠳᠡᠳᠡᠭ᠂ ᠬᠢᠳᠡᠭ᠂ ᠴᠢᠳᠠᠳᠠᠭ ᠳᠦᠷᠢ ᠳᠦ ᠲᠣᠭᠯᠠᠳᠠᠭ ᠪᠣᠯᠤᠭᠰᠠᠨ ᠶᠤᠮ ᠰᠢᠭ ᠡ᠃ ᠤᠯᠤᠰ ᠲᠥᠷᠦᠴᠢᠳ ᠢᠴᠢᠬᠦ ᠪᠤᠯᠴᠢᠷᠬᠠᠢ ᠦᠭᠡᠢ ᠪᠣᠯᠵᠤ᠂ ᠮᠡᠳᠡᠨ᠎ᠡ᠂ ᠴᠢᠳᠠᠨ᠎ᠠ ᠭᠡᠵᠦ ᠠᠯᠢ ᠴᠤ ᠰᠠᠯᠪᠤᠷᠢ ᠳᠤ ᠰᠡᠯᠢᠵᠦ ᠣᠷᠣᠭᠠᠳ᠂ ᠰᠠᠮᠠᠷᠳᠠᠭ ᠪᠣᠯᠤᠭᠰᠠᠨ ᠠᠴᠠ ᠪᠣᠯᠵᠤ ᠮᠠᠨ ᠤ ᠤᠯᠤᠰ ᠲᠤ ᠮᠡᠷᠭᠡᠵᠢᠯ ᠦᠨ ᠰᠠᠯᠪᠤᠷᠢ ᠤᠳ ᠰᠡᠬᠡᠭᠡ ᠠᠪᠬᠤ ᠶᠢᠨ ᠠᠷᠭ᠎ᠠ ᠦᠭᠡᠢ ᠡᠯᠢᠭᠡ ᠪᠡᠷ ᠢᠶᠡᠨ ᠬᠡᠪᠲᠡᠵᠡᠢ ᠭᠡᠵᠦ ᠪᠢ ᠬᠠᠷᠠᠵᠤ ᠪᠠᠶᠢᠨ᠎ᠠ᠃ ᠡᠨᠡ ᠪᠣᠯ ᠤᠯᠤᠰ ᠲᠥᠷᠥ ᠳᠦ ᠣᠷᠣᠵᠤ ᠢᠷᠡᠭᠰᠡᠨ ᠬᠦᠮᠦᠰ ᠦᠨ ᠪᠣᠯᠪᠠᠰᠤᠷᠠᠯ᠂ ᠮᠡᠳᠡᠯᠭᠡ ᠴᠢᠳᠠᠪᠤᠷᠢ᠂ ᠵᠤᠳᠠᠭ ᠬᠡᠲᠦ ᠶᠡᠬᠡ ᠤᠨᠠᠭᠰᠠᠨ ᠲᠠᠢ ᠰᠢᠭᠤᠳ ᠬᠣᠯᠪᠣᠭ᠎ᠠ ᠲᠠᠢ᠃ ᠭᠤᠴᠢᠭᠠᠳ ᠵᠢᠯ ᠦᠨ ᠲᠤᠷᠰᠢ ᠪᠣᠯᠪᠠᠰᠤᠷᠠᠯ ᠤᠨ ᠰᠠᠯᠪᠤᠷᠢ ᠶᠢ ᠬᠡᠨ ᠳᠤᠷᠠᠲᠠᠢ ᠨᠢ ᠬᠤᠳᠬᠤᠵᠤ ᠰᠠᠮᠤᠷᠠᠭᠰᠠᠨ ᠲᠠᠢ ᠡᠨᠡ ᠪᠦᠬᠦᠨ ᠰᠢᠭᠤᠳ ᠬᠣᠯᠪᠣᠭ᠎ᠠ ᠲᠠᠢ ᠭᠡᠵᠦ ᠪᠢ ᠪᠣᠳᠣᠵᠤ ᠪᠠᠶᠢᠨ᠎ᠠ᠃ ᠪᠣᠯᠪᠠᠰᠤᠷᠠᠯ ᠤᠨ ᠰᠢᠰᠲ᠋ᠧᠮ ᠢ ᠡᠬᠢᠯᠡᠭᠡᠳ ᠡᠷᠡᠭᠦᠯᠵᠢᠭᠦᠯᠬᠦ ᠬᠡᠷᠡᠭᠲᠡᠢ ᠪᠠᠶᠢᠨ᠎ᠠ᠃ ᠡᠬᠡ ᠬᠡᠯᠡ ᠪᠡᠨ ᠮᠣᠩᠭᠣᠯ ᠬᠦᠮᠦᠨ ᠨᠡᠩ ᠲᠦᠷᠦᠭᠦᠨ ᠰᠠᠶᠢᠨ ᠰᠤᠷᠬᠤ ᠬᠡᠷᠡᠭᠲᠡᠢ᠃ ᠡᠬᠡ ᠬᠡᠯᠡ ᠨᠢ ᠲᠥᠯᠥᠪᠰᠢᠵᠦ ᠪᠠᠶᠢᠵᠤ ᠰᠠᠶ᠋ᠢ ᠮᠣᠩᠭᠣᠯ ᠬᠦᠮᠦᠨ ᠪᠣᠯᠵᠤ ᠲᠥᠯᠥᠪᠰᠢᠨ᠎ᠡ᠃ ᠲᠥᠯᠦᠪᠰᠢᠭᠰᠡᠨ ᠮᠣᠩᠭᠣᠯ ᠬᠦᠮᠦᠨ ᠨᠡᠶᠢᠭᠡᠮ ᠳᠦ ᠭᠠᠷᠬᠤ ᠪᠠᠷ ᠢᠶᠠᠨ ᠰᠤᠷᠴᠤ ᠪᠣᠯᠪᠠᠰᠤᠷᠠᠭᠠᠳ᠂ ᠬᠢᠵᠦ ᠪᠦᠲᠦᠭᠡᠭᠡᠳ᠂ ᠴᠠᠭᠠᠰᠢ ᠪᠡᠶ᠎ᠡ ᠳᠠᠭᠠᠭᠠᠳ ᠶᠠᠪᠤᠴᠢᠬᠠᠨ᠎ᠠ᠃ ᠠᠮᠧᠷᠢᠺᠠ ᠶᠢᠨ ᠺ 14 (ᠴᠡᠴᠡᠷᠯᠢᠭ ᠦᠨ 2 ᠵᠢᠯ᠂ ᠳᠡᠭᠡᠷ᠎ᠡ ᠨᠢ ᠰᠤᠷᠭᠠᠭᠤᠯᠢ ᠶᠢᠨ 12 ᠵᠢᠯ) ᠬᠡᠮᠡᠬᠦ ᠳᠤᠮᠳᠠ ᠪᠣᠯᠪᠠᠰᠤᠷᠠᠯ ᠤᠨ ᠪᠦᠲᠦᠨ ᠰᠢᠰᠲ᠋ᠧᠮ ᠨᠢ ᠬᠤᠪᠢ ᠬᠦᠮᠦᠨ ᠢ ᠬᠥᠷᠥᠩᠭᠡᠲᠡᠨ ᠦ ᠥᠷᠢᠰᠦᠯᠳᠦᠭᠡᠨᠳᠦ ᠨᠡᠶᠢᠭᠡᠮ ᠳᠦ ᠪᠡᠶ᠎ᠡ ᠳᠠᠭᠠᠭᠠᠨ ᠠᠮᠢᠳᠤᠷᠠᠬᠤ ᠳᠤ ᠳᠠᠰᠬᠠᠵᠤ ᠲᠥᠯᠦᠪᠰᠢᠭᠦᠯᠬᠦ ᠶᠢᠨ ᠲᠤᠯᠠᠳᠠ ᠡᠬᠡ ᠬᠡᠯᠡ ᠪᠡᠨ ᠨᠢᠭᠲᠠ ᠨᠢᠮᠪᠠᠢ᠂ ᠤᠷᠲᠤ ᠤᠳᠠᠭᠠᠨ ᠬᠤᠭᠤᠴᠠᠭ᠎ᠠ ᠪᠠᠷ ᠵᠢᠭᠠᠳᠠᠭ᠃ ᠡᠬᠡ ᠬᠡᠯᠡ ᠪᠡᠷ ᠢᠶᠡᠨ ᠴᠢᠳᠠᠮᠠᠭ ᠤᠩᠰᠢᠵᠤ᠂ ᠪᠦᠷᠢᠨ ᠣᠶᠢᠯᠠᠭᠠᠵᠤ᠂ ᠲᠡᠭᠦᠰ ᠰᠠᠶᠢᠨ ᠪᠢᠴᠢᠵᠦ᠂ ᠴᠢᠯᠦᠭᠡᠲᠡᠢ ᠶᠠᠷᠢᠵᠤ᠂ ᠪᠤᠰᠤᠳ ᠲᠤ ᠥᠪᠡᠷ ᠢ ᠪᠡᠨ ᠪᠦᠷᠢᠨ ᠣᠶᠢᠯᠠᠭᠠᠭᠤᠯᠵᠤ᠂ ᠪᠤᠰᠤᠳ ᠢ ᠲᠡᠭᠦᠰ ᠣᠶᠢᠯᠠᠭᠠᠳᠠᠭ ᠪᠣᠯᠭᠠᠭᠰᠠᠨ ᠤ ᠳᠠᠷᠠᠭ᠎ᠠ ᠰᠤᠷᠭᠠᠭᠤᠯᠢ ᠶᠢᠨ ᠢᠶᠠᠨ ᠰᠡᠭᠦᠯ ᠦᠨ ᠬᠡᠳᠦᠨ ᠵᠢᠯ ᠳᠦ ᠶᠡᠷᠦᠩᠬᠡᠢ ᠡᠷᠳᠡᠮ ᠢᠶᠡᠨ ᠰᠢᠬᠠᠵᠤ ᠦᠵᠡᠭᠡᠳ᠂ ᠠᠮᠵᠢᠯᠲᠠ ᠭᠠᠷᠭᠠᠭᠰᠠᠨ ᠨᠢ ᠶᠡᠬᠡ ᠳᠡᠭᠡᠳᠦ ᠰᠤᠷᠭᠠᠭᠤᠯᠢ ᠳᠤ ᠣᠷᠣᠵᠤ᠂ ᠶᠡᠬᠡ ᠰᠤᠷᠭᠠᠭᠤᠯᠢ ᠶᠢᠨ ᠡᠬᠢᠨ ᠦ ᠬᠣᠶᠠᠷ ᠵᠢᠯ ᠶᠡᠷᠦᠩᠬᠡᠢ ᠡᠷᠳᠡᠮ ᠢᠶᠡᠨ ᠬᠣᠶᠠᠷ ᠵᠢᠯ ᠭᠦᠢᠴᠡᠭᠡᠵᠦ ᠰᠤᠷᠣᠭᠠᠳ᠂ ᠦᠯᠡᠳᠡᠭᠰᠡᠨ ᠬᠣᠶᠠᠷ ᠵᠢᠯ ᠳᠦ ᠪᠡᠨ ᠮᠡᠷᠭᠡᠵᠢᠯ ᠢᠶᠡᠨ ᠦᠵᠡᠭᠡᠳ ᠲᠡᠭᠦᠰᠳᠡᠭ᠃ ᠴᠢᠨᠠᠭᠰᠢᠳᠠ ᠠᠮᠵᠢᠯᠲᠠ ᠲᠠᠢ ᠰᠤᠷᠬᠤ ᠪᠣᠯᠤᠮᠵᠢ ᠲᠠᠢ ᠨᠢ ᠳᠡᠭᠡᠭᠰᠢ ᠪᠡᠨ ᠰᠢᠭᠰᠢᠭᠳᠡᠭᠡᠳ ᠶᠠᠪᠤᠳᠠᠭ᠃ ᠮᠠᠨ ᠤ ᠳᠤ ᠰᠤᠷᠭᠠᠯᠲᠠ ᠶᠢᠨ ᠰᠢᠰᠲ᠋ᠧᠮ ᠪᠤᠷᠤᠭᠤ ᠲᠠᠯᠪᠢᠯᠲᠠ ᠲᠠᠢ ᠪᠠᠶᠢᠭ᠎ᠠ ᠠᠴᠠ ᠪᠣᠯᠤᠭᠠᠳ ᠰᠤᠷᠬᠤ ᠶᠣᠰᠣᠲᠠᠢ ᠵᠦᠢᠯ ᠢᠶᠡᠨ ᠴᠠᠭ ᠲᠤᠬᠠᠢ ᠳᠤ ᠨᠢ ᠰᠤᠷᠣᠭ᠎ᠠ ᠦᠭᠡᠢ ᠵᠠᠯᠠᠭᠤᠰ ᠶᠡᠬᠡ ᠳᠡᠭᠡᠳᠦ ᠰᠤᠷᠭᠠᠭᠤᠯᠢ ᠳᠤ ᠣᠷᠣᠭᠠᠳ ᠦᠷ᠎ᠡ ᠳ᠋ᠦᠩ ᠦᠭᠡᠢ ᠲᠡᠭᠦᠰᠦᠭᠡᠳ᠂ ᠠᠵᠢᠯ ᠤᠨ ᠵᠠᠬ᠎ᠠ ᠵᠡᠭᠡᠯᠢ ᠳᠦ ᠭᠠᠷᠤᠭᠠᠳ᠂ ᠠᠯᠢ ᠴᠤ ᠲᠠᠯ᠎ᠠ ᠪᠠᠷ ᠢᠶᠠᠨ ᠭᠣᠯᠣᠭᠳᠠᠵᠤ ᠪᠠᠶᠢᠨ᠎ᠠ᠃ ᠡᠭᠦᠨ ᠢ ᠨᠡᠩ ᠳᠠᠷᠤᠢ ᠥᠭᠡᠷᠡᠴᠢᠯᠡᠵᠦ ᠡᠷᠡᠭᠦᠯᠵᠢᠭᠦᠯᠬᠦ ᠬᠡᠷᠡᠭᠲᠡᠢ ᠪᠠᠶᠢᠨ᠎ᠠ᠃ ᠲᠡᠭᠡᠵᠦ ᠪᠠᠶᠢᠵᠤ ᠰᠠᠶ᠋ᠢ ᠴᠠᠭᠠᠰᠢ ᠬᠥᠭᠵᠢᠯ ᠦᠨ ᠲᠤᠬᠠᠢ ᠶᠠᠷᠢᠬᠤ ᠪᠣᠯᠤᠨ᠎ᠠ᠃ ᠮᠣᠩᠭᠣᠯ ᠣᠷᠣᠨ ᠤ ᠬᠥᠭᠵᠢᠯ ᠦᠨ ᠠᠩᠬᠠᠨ ᠤ ᠠᠯᠬᠤᠮ ᠨᠢ ᠡᠬᠢᠯᠡᠭᠡᠳ ᠮᠣᠩᠭᠣᠯ ᠬᠦᠮᠦᠨ ᠪᠣᠯᠵᠤ ᠲᠥᠯᠥᠪᠰᠢᠨ ᠲᠣᠭᠲᠠᠨᠢᠬᠤ ᠶᠠᠪᠤᠳᠠᠯ ᠶᠤᠮ᠃ -ᠰᠠᠯᠪᠤᠷᠢ ᠶᠢᠨ ᠬᠦᠮᠦᠨ ᠦ ᠬᠤᠪᠢ ᠳᠤ ᠰᠢᠨᠵᠢᠯᠡᠬᠦ ᠤᠬᠠᠭᠠᠨ ᠤ ᠰᠠᠯᠪᠤᠷᠢ ᠶᠢ ᠬᠥᠭᠵᠢᠭᠦᠯᠬᠦ ᠳᠦ ᠶᠠᠮᠠᠷ ᠪᠣᠳᠣᠯᠭ᠎ᠠ ᠴᠢᠬᠤᠯᠠ ᠪᠤᠢ᠃ ᠮᠣᠩᠭᠣᠯ ᠳᠤ ᠰᠢᠨᠵᠢᠯᠡᠬᠦ ᠤᠬᠠᠭᠠᠨ ᠤ ᠰᠠᠯᠪᠤᠷᠢ ᠶᠢ ᠬᠥᠭᠵᠢᠭᠦᠯᠬᠦ ᠳᠦ ᠶᠠᠮᠠᠷ ᠪᠣᠯᠤᠮᠵᠢ ᠪᠠᠶᠢᠨ᠎ᠠ ᠪᠤᠢ︖ -ᠳᠡᠭᠡᠷ᠎ᠡ ᠬᠡᠯᠡᠭᠰᠡᠨᠴᠢᠯᠡᠨ ᠮᠣᠩᠭᠣᠯ ᠳᠤ ᠠᠯᠢ ᠴᠤ ᠰᠠᠯᠪᠤᠷᠢ ᠶᠢ ᠬᠥᠭᠵᠢᠭᠦᠯᠬᠦ ᠳᠦ ᠮᠡᠷᠭᠡᠵᠢᠯ ᠦᠨ ᠬᠦᠮᠦᠰ ᠯᠠ ᠲᠤᠬᠠᠢ ᠶᠢᠨ ᠰᠠᠯᠪᠤᠷᠢ ᠪᠠᠨ ᠤᠳᠤᠷᠢᠳᠬᠤ ᠬᠡᠷᠡᠭᠲᠡᠢ ᠪᠠᠶᠢᠨ᠎ᠠ᠃ ᠬᠠᠷᠢᠨ ᠣᠳᠣ ᠤᠯᠤᠰ ᠲᠥᠷᠦᠴᠢᠳ ᠲᠣᠮᠢᠯᠠᠭᠳᠠᠵᠤ ᠣᠴᠢᠭᠠᠳ ᠮᠡᠷᠭᠡᠵᠢᠯ ᠦᠨ ᠪᠠᠢᠭᠤᠯᠤᠯᠭ᠎ᠠ ᠶᠢ ᠰᠠᠮᠤᠷᠬᠤ᠂ ᠨᠠᠮ ᠤᠨ ᠬᠠᠷᠢᠶᠠᠯᠠᠯ ᠢᠶᠠᠷ ᠮᠡᠷᠭᠡᠵᠢᠯ ᠦᠨ ᠪᠣᠯᠪᠠᠰᠤᠨ ᠬᠦᠴᠦᠨ ᠢ ᠬᠠᠯᠠᠬᠤ ᠰᠡᠯᠭᠦᠬᠦ ᠠᠰᠠᠭᠤᠳᠠᠯ ᠢ ᠡᠴᠦᠰᠯᠡᠬᠦ ᠱᠠᠭᠠᠷᠳᠠᠯᠭ᠎ᠠ ᠲᠠᠢ ᠪᠠᠶᠢᠨ᠎ᠠ᠃ ᠮᠣᠩᠭᠣᠯ ᠪᠣᠯ ᠮᠠᠰᠢ ᠵᠢᠵᠢᠭ ᠣᠷᠣᠨ᠂ ᠢᠮᠠᠭᠲᠠ ᠪᠣᠯᠪᠠᠰᠤᠨ ᠬᠦᠴᠦᠨ ᠦ ᠬᠣᠮᠰᠠᠳᠣᠯ ᠳᠤᠲᠠᠭᠳᠠᠯ ᠲᠠᠢ ᠪᠠᠶᠢᠳᠠᠭ᠃ ᠠᠮᠧᠷᠢᠺᠠ ᠮᠠᠶ᠋ᠢᠭ ᠤᠨ ᠬᠡᠲᠦ ᠲᠣᠮᠣ ᠠᠷᠠᠳᠴᠢᠯᠠᠯ ᠮᠠᠨ ᠤ ᠳᠤ ᠣᠭᠲᠣ ᠵᠣᠬᠢᠬᠤ ᠦᠭᠡᠢ ᠪᠠᠶᠢᠨ᠎ᠠ᠃ ᠲᠠᠭᠠᠷᠠᠭᠰᠠᠨ ᠲᠠᠭᠠᠷᠠᠭ᠎ᠠ ᠦᠭᠡᠢ ᠪᠤᠰᠤᠳ ᠠᠴᠠ ᠬᠠᠭᠤᠯᠳᠠᠭ ᠢᠶᠠᠨ ᠣᠳᠣ ᠪᠣᠯᠢᠮᠠᠷ ᠪᠠᠶᠢᠨ᠎ᠠ᠃ ᠬᠥᠭᠰᠢᠳ ᠮᠠᠨᠢ ᠬᠡᠵᠢᠶᠡᠨ ᠡᠴᠡ 《ᠬᠢᠷᠢ ᠪᠡᠨ ᠮᠡᠳᠡᠵᠦ ᠶᠠᠪᠤ᠂ ᠪᠢᠷ᠎ᠠ ᠪᠠᠨ ᠮᠡᠳᠡᠵᠦ ᠡᠷᠭᠦ》 ᠭᠡᠳᠡᠭ ᠳ᠋ᠡ᠃ ᠡᠨᠡ ᠯᠠ ᠵᠥᠪᠬᠡᠨ ᠰᠢᠨᠵᠢᠯᠡᠬᠦ ᠤᠬᠠᠭᠠᠨ ᠭᠡᠯᠲᠡ ᠦᠭᠡᠢ ᠪᠦᠬᠦ ᠰᠠᠯᠪᠤᠷᠢ ᠶᠢ ᠬᠥᠭᠵᠢᠭᠦᠯᠬᠦ ᠭᠣᠣᠯ ᠵᠠᠷᠴᠢᠮ ᠪᠠᠶᠢᠬᠤ ᠶᠣᠰᠣᠲᠠᠢ᠃ ᠮᠣᠩᠭᠣᠯ ᠬᠡᠯᠡ ᠲᠡᠢ ᠴᠤ ᠬᠠᠷᠢ ᠰᠡᠳᠬᠢᠯ ᠲᠡᠢ ᠬᠦᠮᠦᠰ ᠣᠯᠠᠰᠢᠷᠠᠬᠤ ᠪᠤᠢ ᠭᠡᠳᠡᠭ ᠡᠴᠡ ᠯᠠ ᠪᠣᠯᠭᠣᠮᠵᠢᠯᠠᠳᠠᠭ -ᠮᠡᠷᠭᠡᠵᠢᠯ ᠦᠨ ᠺᠠᠷᠢᠶᠧᠷ ᠤᠨ ᠬᠠᠵᠠᠭᠤ ᠪᠠᠷ᠂ ᠥᠪᠡᠷ ᠦᠨ ᠰᠣᠨᠢᠷᠬᠠᠯ ᠪᠣᠯᠬᠤ ᠲᠡᠦᠬᠡ ᠶᠢᠨ ᠤᠬᠠᠭᠠᠨ ᠢ ᠰᠤᠳᠤᠯᠳᠠᠭ᠃ ᠡᠨᠡ ᠬᠣᠶᠠᠷ ᠴᠢᠬᠤᠯᠠ ᠠᠵᠢᠯ ᠢ ᠬᠣᠭᠣᠷᠣᠨᠳᠣ ᠨᠢ ᠴᠠᠯᠭᠠᠷᠳᠠᠭᠤᠯᠤᠯ ᠦᠭᠡᠢ ᠬᠡᠷᠬᠢᠨ ᠠᠮᠵᠢᠭᠤᠯᠵᠤ᠂ ᠠᠵᠢᠯ ᠠᠮᠢᠳᠤᠷᠠᠯ ᠤᠨ ᠪᠠᠯᠠᠨᠰ ᠢᠶᠠᠨ ᠬᠡᠷᠬᠢᠨ ᠵᠣᠬᠢᠴᠠᠭᠤᠯᠵᠤ ᠶᠠᠮᠠᠷ ᠲᠥᠯᠥᠪᠯᠡᠭᠡ ᠪᠠᠷ ᠠᠵᠢᠯᠯᠠᠳᠠᠭ ᠪᠤᠢ︖ -ᠮᠣᠩᠭᠣᠯ ᠬᠡᠯᠡᠨ ᠳᠦ ᠬᠣᠣᠰ ᠮᠣᠷᠢᠲᠠᠨ ᠬᠣᠯᠠ ᠶᠠᠪᠤᠳᠠᠭ ᠭᠡᠳᠡᠭ᠃ ᠴᠥᠭᠡᠨ ᠬᠦᠮᠦᠨ ᠠᠮᠠ ᠲᠠᠢ ᠮᠠᠨ ᠤ ᠤᠯᠤᠰ ᠲᠤ ᠬᠡᠷᠪᠡ ᠴᠢᠳᠠᠪᠠᠯ ᠬᠦᠮᠦᠨ ᠬᠣᠶᠠᠷ ᠠᠴᠠ ᠳᠡᠭᠡᠭᠰᠢ ᠮᠡᠷᠭᠡᠵᠢᠯ ᠲᠡᠢ ᠪᠠᠶᠢᠪᠠᠯ ᠨᠡᠩ ᠰᠠᠶᠢᠨ᠃ ᠠᠮᠧᠷᠢᠺᠠ ᠳᠤ ᠬᠣᠣᠰ ᠮᠡᠷᠭᠡᠵᠢᠯ ᠢ 《double major》 ᠭᠡᠳᠡᠭ᠃ ᠡᠬᠢᠨ ᠦ ᠮᠡᠷᠭᠡᠵᠢᠯ ᠢᠶᠡᠷ ᠢᠶᠡᠨ ᠴᠢᠯᠦᠭᠡᠨ ᠳᠦ ᠰᠠᠭᠤᠬᠤ ᠪᠠᠷ ᠢᠶᠠᠨ ᠬᠣᠶᠠᠷ ᠳᠠᠬᠢ ᠮᠡᠷᠭᠡᠵᠢᠯ ᠢᠶᠡᠨ ᠬᠣᠪᠪᠢ ᠪᠣᠯᠭᠠᠨ ᠰᠡᠷᠭᠦᠭᠡᠳᠡᠭ ᠨᠢ ᠣᠯᠠᠨ ᠪᠤᠢ᠃ ᠲᠡᠷᠡ ᠵᠠᠮ ᠢᠶᠠᠷ ᠯᠠ ᠶᠠᠪᠤᠵᠤ ᠪᠠᠶᠢᠨ᠎ᠠ᠃ ᠴᠢᠯᠦᠭᠡᠨ ᠳᠦ ᠰᠠᠭᠤᠲᠠᠯ᠎ᠠ ᠪᠠᠨ ᠬᠣᠶᠠᠷ ᠳᠠᠬᠢ ᠮᠡᠷᠭᠡᠵᠢᠯ ᠢᠶᠡᠨ ᠪᠡᠳᠡᠷᠢᠵᠤ ᠣᠯᠬᠤ ᠶᠢᠨ ᠲᠤᠯᠠᠳᠠ ᠣᠳᠣ ᠵᠠᠪ ᠢᠶᠠᠷ ᠢᠶᠠᠨ ᠰᠤᠷᠣᠭᠠᠳ ᠯᠠ ᠶᠠᠪᠤᠵᠤ ᠪᠠᠶᠢᠨ᠎ᠠ᠃ ᠠᠮᠠᠷᠠᠯᠲᠠ ᠶᠢᠨ ᠴᠠᠭ ᠠᠴᠠ ᠪᠠᠨ ᠬᠡᠮᠯᠡᠨ ᠪᠠᠶᠢᠵᠤ ᠰᠢᠨ᠎ᠡ ᠶᠢ ᠰᠤᠷᠴᠤ ᠬᠢᠵᠦ ᠶᠠᠪᠤᠨ᠎ᠠ᠃ ᠡᠨᠡ ᠨᠢ ᠮᠥᠨ ᠲᠠᠷᠢᠬᠢ ᠪᠠᠨ ᠠᠮᠠᠷᠠᠭᠠᠬᠤ᠂ ᠨᠢᠭᠡᠨ ᠬᠡᠪ ᠦᠨ ᠠᠮᠢᠳᠤᠷᠠᠯ ᠤᠨ ᠳᠠᠪᠲᠠᠮᠵᠢ ᠪᠠᠨ ᠥᠭᠡᠷᠡᠴᠢᠯᠡᠬᠦ ᠰᠠᠶᠢᠬᠠᠨ ᠪᠣᠯᠤᠮᠵᠢ ᠶᠢ ᠨᠠᠳᠠ ᠳᠤ ᠣᠯᠭᠤᠳᠠᠭ᠃ -ᠰᠲ᠋ᠠᠨᠹᠣᠷᠲ᠂ ᠪᠡᠷᠺᠧᠯᠧᠢ ᠳ᠋ᠡᠬᠢ ᠺᠠᠯᠢᠹᠣᠷᠨ᠎ᠠ ᠶᠢᠨ ᠶᠡᠬᠡ ᠰᠤᠷᠭᠠᠭᠤᠯᠢ ᠨᠤᠭᠤᠳ ᠲᠤ ᠲᠡᠦᠬᠡ ᠰᠤᠳᠤᠯᠤᠭᠠᠴᠢ᠂ ᠡᠷᠳᠡᠮᠲᠡᠨ ᠢᠶᠡᠷ ᠠᠵᠢᠯᠯᠠᠭᠰᠠᠨ ᠵᠠᠮᠨᠠᠯ ᠠᠴᠠ ᠪᠠᠨ ᠬᠤᠪᠢᠶᠠᠯᠴᠠᠬᠤ ᠦᠭᠡᠢ ᠤᠤ︖ -ᠣᠯᠠᠨ ᠵᠢᠯ ᠰᠤᠷᠭᠠᠭᠤᠯᠢ ᠰᠤᠶᠤᠯ ᠢᠶᠠᠷ ᠶᠠᠪᠤᠭᠰᠠᠨ ᠬᠦᠮᠦᠨ ᠦ ᠬᠤᠪᠢ ᠳᠤ ᠡᠶᠢᠮᠦ ᠨᠡᠷ᠎ᠡ ᠲᠡᠢ ᠬᠣᠶᠠᠷ ᠲᠣᠮᠣ ᠰᠤᠷᠭᠠᠭᠤᠯᠢ ᠰᠠᠭᠠᠬᠠᠯᠲᠠ ᠶᠢᠨ ᠵᠠᠢ ᠳᠤ ᠪᠠᠶᠢᠬᠤ ᠳᠤ ᠶᠠᠳᠠᠵᠤ ᠨᠣᠮ ᠤᠨ ᠰᠠᠩ ᠢ ᠨᠢ ᠠᠰᠢᠭᠯᠠᠬᠤ᠂ ᠴᠢᠨᠠᠭᠰᠢᠯᠠᠭᠠᠳ ᠬᠢᠴᠢᠶᠡᠯ ᠠᠪᠬᠤ ᠬᠡᠷᠡᠭᠲᠡᠢ ᠶᠢ ᠣᠶᠢᠯᠠᠭᠠᠭᠰᠠᠨ᠃ ᠠᠮᠧᠷᠢᠺᠠ ᠳᠤ ᠪᠣᠯ ᠰᠤᠷᠬᠤ ᠳᠤ ᠰᠡᠳᠬᠢᠯ ᠦᠨ ᠬᠢᠵᠠᠭᠠᠷ ᠪᠠᠶᠢᠨ᠎ᠠ ᠤᠤ ᠭᠡᠬᠦ ᠡᠴᠡ ᠨᠠᠰᠤᠨ ᠤ ᠬᠢᠵᠠᠭᠠᠷ ᠦᠭᠡᠢ᠃ ᠲᠡᠭᠡᠭᠡᠳ ᠰᠤᠷᠴᠤ ᠪᠣᠯᠪᠠᠰᠤᠷᠠᠬᠤ ᠪᠣᠯᠤᠮᠵᠢ ᠣᠯᠬᠤ ᠪᠠᠷ ᠥᠪᠡᠷ ᠲᠦ ᠪᠤᠢ ᠯᠣᠪᠪᠢ ᠪᠠᠨ ᠬᠡᠷᠡᠭᠯᠡᠭᠰᠡᠨ ᠳ᠋ᠡ᠃ ᠾᠠᠷᠸᠠᠷᠳ᠋ ᠳ᠋ᠤ ᠲᠠᠨᠢᠯᠴᠠᠭᠰᠠᠨ ᠮᠣᠩᠭᠣᠯ ᠬᠡᠯᠡ ᠰᠢᠨᠵᠢᠭᠡᠴᠢ᠂ ᠫᠷᠣᠹᠧᠰᠰᠣᠷ ᠵᠡᠮᠰ ᠪᠠᠭᠰᠢ ᠲᠠᠢ ᠠᠭᠤᠯᠵᠠᠭᠠᠳ᠂ ᠡᠪᠦᠭᠡ ᠮᠣᠩᠭᠣᠯᠴᠤᠳ ᠤᠨ ᠲᠠᠯ᠎ᠠ ᠪᠠᠷ ᠰᠤᠳᠤᠯᠭ᠎ᠠ ᠬᠢᠮᠡᠷ ᠪᠠᠶᠢᠨ᠎ᠠ᠂ ᠲᠠ ᠨᠠᠮ᠎ᠠ ᠶᠢ ᠪᠡᠷᠺᠯᠢ ᠳ᠋ᠡᠬᠢ ᠺᠠᠯᠢᠹᠣᠷᠨᠢ ᠶᠢᠨ ᠶᠡᠬᠡ ᠰᠤᠷᠭᠠᠭᠤᠯᠢ ᠶᠢᠨ ᠬᠥᠲᠥᠯᠪᠦᠷᠢ ᠳᠦ ᠣᠷᠣᠭᠤᠯᠵᠤ ᠲᠤᠰᠯᠠᠭᠠᠴᠢ ᠭᠡᠵᠦ ᠭᠤᠶᠤᠭᠰᠠᠨ ᠶᠤᠮ᠃ ᠢᠩᠭᠢᠭᠡᠳ ᠵᠠᠮᠰ ᠪᠠᠭᠰᠢ ᠨᠠᠮ᠎ᠠ ᠶᠢ ᠲᠤᠰ ᠰᠤᠷᠭᠠᠭᠤᠯᠢ ᠶᠢᠨ ᠵᠡᠭᠦᠨ ᠠᠽᠢᠶ᠎ᠠ ᠰᠤᠳᠤᠯᠤᠯ ᠤᠨ ᠬᠦᠷᠢᠶᠡᠯᠡᠩ ᠦᠨ ᠵᠠᠬᠢᠷᠤᠯ ᠷᠣᠪᠧᠷᠲ ᠰᠺᠠᠯᠠᠫᠢᠨ᠎ᠠ ᠭᠤᠸᠠᠢ ᠲᠠᠢ ᠲᠠᠨᠢᠯᠴᠠᠭᠤᠯᠬᠤ ᠳᠤ᠂ ᠬᠦᠷᠢᠶᠡᠯᠡᠩ ᠳᠦ ᠪᠡᠨ ᠰᠤᠳᠤᠯᠤᠭᠠᠴᠢ ᠡᠷᠳᠡᠮᠲᠡᠨ ᠢᠶᠡᠷ ᠪᠦᠷᠢᠳᠬᠡᠵᠦ ᠠᠪᠤᠭᠰᠠᠨ᠃ ᠲᠡᠭᠡᠵᠦ ᠪᠢ ᠲᠤᠰ ᠰᠤᠷᠭᠠᠭᠤᠯᠢ ᠶᠢᠨ ᠨᠣᠮ ᠤᠨ ᠰᠠᠩ ᠨᠤᠭᠤᠳ ᠢ ᠤᠬᠤᠬᠤ᠂ ᠬᠢᠴᠢᠶᠡᠯ ᠯᠧᠺᠼ ᠲᠦ ᠰᠠᠭᠤᠬᠤ ᠪᠣᠯᠤᠮᠵᠢ ᠲᠠᠢ ᠪᠣᠯᠤᠭᠰᠠᠨ ᠳ᠋ᠠ᠃ ᠲᠡᠷᠡ ᠰᠤᠳᠤᠯᠤᠭᠠᠴᠢ ᠡᠷᠳᠡᠮᠲᠡᠨ ᠦ ᠰᠲ᠋ᠠᠲ᠋ᠦ᠋ᠰ ᠢ ᠵᠢᠯ ᠪᠦᠷᠢ ᠰᠤᠩᠭᠠᠳᠠᠭ᠂ ᠬᠦᠷᠢᠶᠡᠯᠡᠩ ᠮᠠᠨᠢ ᠨᠠᠳᠠ ᠠᠴᠠ ᠣᠯᠠᠨ ᠶᠠᠭᠤᠮ᠎ᠠ ᠱᠠᠭᠠᠷᠳᠠᠳᠠᠭ ᠦᠭᠡᠢ ᠪᠠᠶᠢᠭᠰᠠᠭᠠᠷ ᠳᠥᠷᠪᠡᠨ ᠵᠢᠯ ᠶᠠᠪᠤᠯ᠎ᠠ᠃ ᠰᠺᠠᠯᠠᠫᠢᠨ᠎ᠠ ᠭᠤᠸᠠᠢ ᠥᠭᠡᠳᠡ ᠪᠣᠯᠤᠭᠰᠠᠨ ᠠᠴᠠ ᠬᠣᠶᠢᠰᠢ ᠰᠲ᠋ᠠᠲ᠋ᠦ᠋ᠰ ᠢᠶᠡᠨ ᠰᠤᠩᠭᠠᠭᠤᠯᠵᠤ ᠴᠢᠳᠠᠭᠰᠠᠨ ᠦᠭᠡᠢ᠃ ᠡᠷᠭᠢᠭᠡᠳ ᠴᠢᠯᠦᠭᠡᠨ ᠳᠦ ᠭᠠᠷᠤᠭᠰᠠᠨ ᠵᠠᠮᠰ ᠪᠠᠭᠰᠢ ᠲᠠᠢ ᠶᠠᠷᠢᠭᠠᠳ᠂ ᠲᠡᠭᠦᠨ ᠲᠡᠢ ᠬᠠᠮᠲᠤ ᠮᠢᠩᠭ᠎ᠠ ᠶᠢᠰᠦᠨ ᠵᠠᠭᠤ ᠵᠢᠷᠠᠭᠠᠳ ᠣᠨ ᠳᠤ ᠪᠡᠷᠺᠯᠢ ᠳᠤ ᠮᠣᠩᠭᠣᠯ ᠲᠣᠯᠢ ᠪᠢᠴᠢᠭ ᠦᠨ ᠲᠥᠰᠥᠯ ᠳᠡᠭᠡᠷ᠎ᠡ ᠬᠠᠮᠲᠤ ᠠᠵᠢᠯᠯᠠᠵᠤ ᠪᠠᠶᠢᠭᠰᠠᠨ᠂ ᠰᠲᠡᠨᠹᠣᠷᠳ᠋ ᠍ ᠤᠨ ᠶᠡᠬᠡ ᠰᠤᠷᠭᠠᠭᠤᠯᠢ ᠶᠢᠨ ᠵᠡᠭᠦᠨ ᠠᠽᠢᠶ᠎ᠠ ᠶᠢᠨ ᠬᠡᠯᠡ ᠰᠤᠶᠤᠯ ᠰᠤᠳᠤᠯᠤᠯ ᠤᠨ ᠲᠡᠩᠬᠢᠮ ᠦᠨ ᠫᠷᠣᠹᠧᠰᠰᠣᠷ᠂ ᠨᠡᠷᠡᠲᠦ ᠬᠢᠲᠠᠳᠴᠢ ᠡᠷᠳᠡᠮᠲᠡᠨ ᠠᠯᠪᠧᠷᠲ ᠳ᠋ᠶᠨ ᠪᠠᠭᠰᠢ ᠲᠠᠢ ᠲᠠᠨᠢᠯᠴᠠᠭᠤᠯᠪᠠ᠃ ᠲᠡᠭᠦᠨ ᠦ ᠡᠷᠳᠡᠮ ᠰᠢᠨᠵᠢᠯᠡᠭᠡᠨ ᠦ ᠲᠤᠰᠯᠠᠬᠤ (proxy) ᠭᠡᠰᠡᠨ ᠰᠲ᠋ᠠᠲ᠋ᠦ᠋ᠰ ᠲᠠᠢ᠂ ᠠᠬᠢᠭᠠᠳ ᠳᠥᠷᠪᠡᠨ ᠵᠢᠯ ᠶᠠᠪᠤᠵᠤ᠂ ᠨᠣᠮ ᠤᠨ ᠰᠠᠩ ᠢ ᠨᠢ ᠰᠠᠶᠢᠲᠤᠷ ᠠᠰᠢᠭᠯᠠᠵᠤ ᠠᠪᠤᠯ᠎ᠠ᠃ ᠳ᠋ᠢᠨ ᠪᠠᠭᠰᠢ ᠮᠠᠨᠢ ᠲᠡᠩᠬᠢᠮ ᠳᠦ ᠪᠡᠨ ᠠᠵᠢᠯᠯᠠᠬᠤ ᠪᠠᠨ ᠪᠠᠶᠢᠭᠰᠠᠨ ᠲᠤᠯᠠ ᠳᠠᠬᠢᠭᠠᠳ ᠲᠡᠷᠡ ᠰᠲ᠋ᠠᠲ᠋ᠦ᠋ᠰ ᠢᠶᠡᠨ ᠠᠯᠳᠠᠪᠠ᠃ ᠭᠡᠪᠡᠴᠦ ᠳᠣᠲᠣᠷ᠎ᠠ ᠨᠢ ᠣᠷᠣᠭᠠᠳ ᠣᠯᠠᠨ ᠵᠢᠯ ᠶᠠᠪᠤᠵᠤ ᠢᠷᠡᠭᠰᠡᠨ ᠲᠤᠯᠠ ᠰᠲᠡᠨᠹᠣᠷᠳ᠋ ᠳᠡᠯᠡᠬᠡᠢ ᠶᠢᠨ ᠰᠤᠶᠤᠯ ᠢᠷᠭᠡᠨᠰᠢᠯ ᠦᠨ ᠠᠩᠭᠢ ᠶᠢ ᠣᠷᠣᠢ ᠪᠠᠷ ᠲᠥᠯᠥᠪᠦᠷᠢ ᠲᠡᠢ ᠠᠪᠴᠤ ᠪᠠᠰᠠ ᠳᠠᠬᠢᠨ ᠳᠥᠷᠪᠡᠨ ᠵᠢᠯ ᠰᠤᠷᠣᠭᠰᠠᠨ᠃ -ᠲᠡᠦᠬᠡ ᠰᠤᠳᠤᠯᠤᠯ ᠤᠨ ᠴᠢᠭᠯᠡᠯ ᠢᠶᠡᠷ ᠬᠢᠭᠰᠡᠨ ᠲᠣᠮᠣᠬᠠᠨ ᠰᠤᠳᠤᠯᠭ᠎ᠠ᠂ ᠲᠡᠳᠡᠨ ᠡᠴᠡ ᠣᠨᠴᠠᠯᠠᠨ ᠳᠤᠷᠠᠳᠣᠪᠠᠯ︖ -ᠶᠤᠸᠠᠨ ᠭᠦᠷᠦᠨ ᠢᠶᠡᠷ ᠰᠤᠳᠤᠯᠵᠤ ᠡᠬᠢᠯᠡᠵᠦ ᠪᠠᠶᠢᠭᠠᠳ᠂ ᠳ ∙ ᠨᠠᠸᠠᠩ ᠪᠠᠭᠰᠢ ᠲᠡᠷᠢᠭᠦᠲᠡᠢ ᠮᠣᠩᠭᠣᠯ ᠡᠷᠳᠡᠮᠲᠡᠳ ᠦᠨ ᠰᠠᠨᠠᠯ ᠪᠣᠯᠭᠠᠭᠰᠠᠨ ᠤ ᠳᠠᠭᠠᠤ ᠥᠪᠥᠷ ᠮᠣᠩᠭᠣᠯ ᠬᠢᠲᠠᠨ ᠨᠠᠷ ᠤᠨ ᠲᠠᠯ᠎ᠠ ᠪᠠᠷ ᠰᠤᠳᠤᠯᠭ᠎ᠠ ᠪᠠᠨ ᠰᠢᠯᠵᠢᠨ ᠬᠢᠵᠦ ᠪᠠᠶᠢᠨ᠎ᠠ᠃ ᠨᠢᠭᠡ ᠨᠣᠮ ᠭᠠᠷᠭᠠᠬᠤ ᠰᠠᠨᠠᠭ᠎ᠠ ᠲᠠᠢ ᠴᠤ ᠰᠡᠳᠦᠪ ᠬᠦᠨᠳᠦ ᠲᠤᠯᠠ ᠭᠠᠷ ᠠᠴᠠ ᠮᠥᠳᠳᠥ ᠭᠠᠷᠬᠤ ᠦᠭᠡᠢ ᠰᠢᠨᠵᠢ ᠲᠡᠢ ᠰᠠᠭᠤᠨ᠎ᠠ᠃ ᠳ᠋ᠢᠨ ᠪᠠᠭᠰᠢ ᠳᠤ ᠬᠡᠯᠡᠬᠦ ᠪᠡᠷ ᠪᠣᠯᠤᠭ᠎ᠠ ᠦᠭᠡᠢ ᠪᠠᠶᠢᠨ᠎ᠠ᠂ ᠰᠠᠶᠢᠨ ᠰᠤᠳᠣᠯ ᠭᠡᠬᠦ ᠶᠤᠮ᠃ ᠪᠠᠭᠰᠢ ᠮᠠᠨᠢ 《ᠵᠢᠷᠭᠤᠭᠠᠨ ᠲᠥᠷᠥ》 ᠨᠣᠮ ᠢᠶᠠᠨ 18 ᠵᠢᠯ ᠪᠢᠴᠢᠭᠰᠡᠨ ᠭᠡᠵᠦ ᠬᠡᠯᠡᠭᠡᠳ ᠰᠠᠨᠠᠭ᠎ᠠ ᠶᠢ ᠮᠢᠨᠢ ᠠᠮᠠᠷᠠᠭᠠᠴᠢᠬᠠᠭᠰᠠᠨ᠃ ᠣᠩᠭᠣᠷᠬᠠᠢ ᠶᠢᠨ ᠳᠣᠲᠣᠷ᠎ᠠ ᠠᠭᠤᠵᠢᠭᠤ ᠭᠡᠳᠡᠭ ᠯᠠ ᠪᠣᠯᠤᠭᠠᠳ ᠪᠠᠶᠢᠨ᠎ᠠ᠃ ᠬᠠᠷᠢᠨ ᠣᠷᠴᠢᠭᠤᠯᠭ᠎ᠠ ᠶᠢᠨ ᠴᠢᠨᠠᠷᠲᠠᠢ ᠳ᠋ᠡ ᠯᠠᠮ᠎ᠠ ᠶᠢᠨ ᠨᠠᠮᠲᠠᠷ᠂ ᠤᠶᠠᠩᠭ᠎ᠠ ᠶᠢᠨ ᠬᠦᠷᠢᠶᠡᠨ ᠦ ᠲᠡᠦᠬᠡ ᠭᠡᠰᠡᠨ ᠬᠣᠶᠠᠷ ᠨᠣᠮ ᠮᠠᠨᠢ ᠬᠡᠪᠯᠡᠬᠦ ᠳᠦ ᠪᠠᠷᠤᠭ ᠪᠡᠯᠡᠨ ᠪᠣᠯᠤᠭᠰᠠᠨ ᠳ᠋ᠠ᠃ ᠲᠣᠳᠣᠷᠠᠭᠤᠯᠬᠤ ᠯᠠ ᠵᠢᠭᠠᠬᠠᠨ ᠶᠠᠭᠤᠮ᠎ᠠ ᠪᠤᠢ᠃ ᠡᠷᠳᠡᠮ ᠰᠢᠨᠵᠢᠯᠡᠭᠡᠨ ᠦ ᠴᠤᠪᠤᠷᠠᠯ ᠤᠳ ᠲᠤ ᠨᠡᠶᠢᠲᠡᠯᠡᠭᠦᠯᠦᠭᠰᠡᠨ ᠬᠡᠳᠦᠨ ᠥᠭᠦᠯᠡᠯ ᠪᠤᠢ᠃ -ᠮᠣᠩᠭᠣᠯ ᠤᠬᠠᠭᠠᠨ᠂ ᠮᠣᠩᠭᠣᠯ ᠵᠠᠩ ᠵᠠᠩᠰᠢᠯ ᠤᠨ ᠲᠤᠬᠠᠢ 《ᠮᠢᠨᠦ ᠥᠰᠦᠭᠰᠡᠨ ᠮᠣᠩᠭᠣᠯ ᠠᠬᠤᠢ》 ᠨᠣᠮ ᠪᠢᠴᠢᠭᠰᠡᠨ ᠶᠤᠮ ᠪᠢᠯᠡ᠃ ᠡᠨᠡ ᠨᠣᠮ ᠤᠨ ᠢᠶᠠᠨ ᠭᠣᠣᠯ ᠰᠠᠨᠠᠭ᠎ᠠ ᠶᠢ᠂ ᠶᠠᠭᠠᠬᠢᠭᠠᠳ ᠪᠢᠴᠢᠬᠦ ᠪᠣᠯᠤᠭᠰᠠᠨ ᠲᠡᠦᠬᠡ᠂ ᠨᠣᠮ ᠳᠤ ᠡᠰᠢᠯᠡᠭᠰᠡᠨ ᠰᠣᠨᠢᠷᠬᠠᠯᠲᠠᠢ ᠲᠡᠦᠬᠡ᠂ ᠰᠤᠷᠭᠠᠯ ᠠᠴᠠ ᠬᠤᠪᠢᠶᠠᠯᠴᠠᠬᠤ ᠦᠭᠡᠢ ᠤᠤ᠃ ᠪᠢᠳᠡᠨ ᠳᠦ ᠮᠣᠩᠭᠣᠯ ᠠᠬᠤᠢ ᠰᠤᠶᠤᠯ ᠶᠠᠭᠠᠬᠢᠭᠠᠳ ᠴᠢᠬᠤᠯᠠ ᠪᠤᠢ᠂ ᠢᠷᠡᠭᠡᠳᠦᠢ ᠬᠣᠶᠢᠴᠢ ᠪᠣᠯᠤᠭᠰᠠᠨ ᠪᠢᠳᠡ ᠰᠡᠳᠬᠢᠯ ᠳᠦ ᠪᠡᠨ ᠶᠠᠭᠤ ᠶᠢ ᠪᠣᠳᠣᠵᠤ᠂ ᠰᠠᠨᠠᠵᠤ᠂ ᠲᠤᠩᠭᠠᠵᠤ ᠶᠠᠪᠤᠬᠤ ᠤᠴᠢᠷ ᠲᠠᠢ ᠪᠤᠢ︖ -ᠪᠠᠭᠤᠷᠠᠢ ᠡᠵᠢ ᠶᠢ ᠥᠭᠡᠳᠡ ᠪᠣᠯᠤᠭᠰᠠᠨ ᠤ ᠬᠣᠶᠢᠨ᠎ᠠ ᠡᠨᠡ ᠨᠣᠮ ᠢ ᠭᠤᠷᠪᠠᠨ ᠵᠢᠯ ᠦᠨ ᠲᠤᠷᠰᠢ ᠰᠠᠶᠢᠲᠤᠷ ᠲᠤᠩᠭᠠᠨ ᠪᠣᠳᠣᠵᠤ ᠪᠢᠴᠢᠭᠰᠡᠨ᠂ ᠮᠢᠨᠦ ᠣᠶᠤᠨ ᠤ ᠣᠬᠢ ᠪᠠᠶᠢᠭ᠎ᠠ ᠶᠤᠮ᠃ ᠤᠴᠢᠷ ᠨᠢ ᠠᠬᠤᠢ ᠪᠣᠯ ᠬᠥᠮᠦᠨ ᠢᠶᠡᠨ ᠳᠠᠭᠠᠭᠠᠳ ᠥᠭᠡᠷᠡᠴᠢᠯᠡᠭᠳᠡᠳᠡᠭ᠂ 40 ᠵᠢᠯ ᠦᠨ ᠲᠡᠷᠲᠡᠭᠡᠬᠢ ᠨᠡᠭᠦᠳᠡᠯᠴᠢᠳ ᠦᠨ ᠠᠬᠤᠢ ᠡᠵᠡᠨ ᠢᠶᠡᠨ ᠳᠠᠭᠠᠭᠠᠳ ᠪᠠᠯᠠᠷᠠᠨ ᠠᠯᠠᠭ᠎ᠠ ᠪᠣᠯᠵᠤ᠂ ᠲᠡᠭᠦᠨ ᠢ ᠳᠠᠭᠠᠭᠠᠳ ᠲᠡᠷᠡ ᠦᠶ᠎ᠡ ᠳᠦ ᠬᠡᠷᠡᠭᠯᠡᠵᠦ ᠪᠠᠶᠢᠭᠰᠠᠨ ᠦᠭᠡ ᠬᠡᠯᠡ ᠮᠠᠷᠲᠠᠭᠳᠠᠵᠤ ᠪᠤᠢ ᠶᠢ ᠠᠩᠵᠠᠭᠠᠷᠠᠭᠠᠳ᠂ ᠮᠡᠳᠡᠬᠦ ᠪᠦᠬᠦᠨ ᠢᠶᠡᠨ ᠬᠣᠵᠢᠮᠳᠠᠭᠰᠠᠨ ᠴᠤ ᠭᠡᠰᠡᠨ ᠨᠣᠮ ᠳᠤ ᠪᠢᠴᠢᠭᠡᠳ᠂ ᠳᠡᠪᠲᠡᠷᠯᠡᠨ ᠦᠳᠡᠵᠦ ᠬᠣᠶᠢᠴᠢ ᠦᠶ᠎ᠡ ᠳ᠋ᠡᠭᠡᠨ ᠦᠯᠡᠳᠡᠭᠡᠬᠦ ᠶᠢ ᠵᠣᠷᠢᠭᠰᠠᠨ ᠶᠤᠮ᠃ ᠵᠠᠷᠢᠮ ᠵᠦᠢᠯ ᠢ ᠲᠠᠶᠢᠯᠪᠤᠷᠢᠯᠠᠬᠤ ᠳᠤ ᠪᠠᠨ ᠤᠭᠰᠠᠭᠠᠲᠠᠨ ᠤ ᠵᠦᠢ᠂ ᠵᠠᠩ ᠦᠢᠯᠡ ᠶᠢᠨ ᠲᠠᠯ᠎ᠠ ᠠᠴᠠ ᠰᠢᠭᠢᠳᠬᠡᠭᠡ ᠬᠢᠭᠰᠡᠨ᠃ ᠨᠣᠮ ᠮᠠᠨᠢ ᠣᠯᠠᠨ ᠬᠥᠮᠦᠨ ᠳ᠋ᠤ ᠬᠦᠷᠦᠭᠰᠡᠨ ᠳᠦ ᠪᠠᠶᠠᠷᠲᠠᠢ ᠪᠠᠶᠢᠭ᠎ᠠ᠃ ᠮᠣᠩᠭᠣᠯ ᠬᠡᠯᠡᠨ ᠦ ᠡᠷᠳᠡᠮᠲᠡᠨ᠂ ᠠᠷᠠᠳ ᠤᠨ ᠪᠠᠭᠰᠢ ᠱ ∙ ᠴᠣᠶᠢᠮ᠎ᠠ᠂ ᠨᠡᠷᠡᠲᠦ ᠵᠣᠬᠢᠶᠠᠯᠴᠢ᠂ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠲ ᠊ ᠴᠸᠨᠳᠡᠵᠠᠪ ᠭᠤᠸᠠᠢ ᠵᠡᠷᠭᠡ ᠠᠯᠳᠠᠷ ᠨᠡᠷ᠎ᠡ ᠲᠡᠢ ᠬᠦᠮᠦᠰ ᠤᠷᠮ᠎ᠠ ᠬᠠᠶᠢᠷᠠᠯᠠᠭᠰᠠᠨ ᠳᠤ ᠪᠦᠷ ᠶᠡᠬᠡ ᠪᠠᠶᠠᠷᠲᠠᠢ ᠪᠠᠶᠢᠨ᠎ᠠ᠃ ᠮᠣᠩᠭᠣᠯ ᠨᠤᠲᠤᠭ ᠲᠤ ᠮᠣᠩᠭᠣᠯ ᠬᠦᠮᠦᠨ ᠣᠷᠣᠰᠢᠨ ᠪᠤᠢ ᠥᠨᠥ ᠴᠠᠭ ᠲᠤ ᠮᠣᠩᠭᠣᠯ ᠬᠡᠯᠡ᠂ ᠮᠣᠩᠭᠣᠯ ᠰᠤᠶᠤᠯ ᠪᠢᠳᠡᠨ ᠳᠦ ᠬᠠᠮᠤᠭ ᠠᠴᠠ ᠬᠡᠷᠡᠭᠲᠡᠢ ᠪᠠᠶᠢᠨ᠎ᠠ᠃ ᠬᠦᠮᠦᠨ ᠪᠦᠷᠢ ᠯᠠ ᠡᠬᠡ ᠬᠡᠯᠡ᠂ ᠦᠨᠳᠦᠰᠦᠨ ᠦ ᠰᠤᠶᠤᠯ ᠢᠶᠠᠨ ᠬᠠᠶᠢᠷᠠᠯᠠᠵᠤ ᠳᠡᠯᠭᠡᠷᠡᠭᠦᠯᠬᠦ ᠶᠢ ᠬᠢᠴᠢᠶᠡᠬᠦ ᠨᠢ ᠴᠢᠬᠤᠯᠠ᠃ ᠨᠣᠮ ᠤᠨ ᠢᠶᠠᠨ ᠠᠷᠤ ᠶᠢᠨ ᠬᠠᠪᠲᠠᠰᠤᠨ ᠳᠤ ᠬᠤᠪᠢᠯᠠᠢ ᠰᠡᠴᠡᠨ ᠬᠠᠭᠠᠨ ᠤ ᠵᠠᠬᠢᠶᠠᠰᠤ ᠶᠢ ᠪᠢ ᠵᠣᠷᠢᠭᠤᠳᠠ ᠣᠷᠣᠭᠤᠯᠤᠭᠰᠠᠨ᠃ ᠰᠡᠳᠬᠢᠯ ᠵᠠᠷᠤᠬᠤ ᠦᠭᠡᠢ ᠪᠣᠯ ᠠᠯᠢᠪᠠ ᠵᠦᠢᠯ ᠪᠥᠲᠥᠬᠦ ᠦᠭᠡᠢ ᠭᠡᠳᠡᠭ ᠦᠭᠡ ᠪᠠᠶᠢᠳᠠᠭ᠃ ᠰᠡᠳᠬᠢᠯ ᠢ ᠨᠢ ᠵᠠᠬᠢᠷᠪᠠᠯ ᠪᠡᠶ᠎ᠡ ᠬᠠᠮᠢᠭ᠎ᠠ ᠬᠣᠯᠠᠳᠬᠤ ᠪᠤᠢ ᠭᠡᠰᠡᠨ ᠰᠠᠨᠠᠭ᠎ᠠ᠃ ᠲᠡᠷᠡ ᠰᠤᠷᠭᠠᠯ ᠢᠶᠠᠷ ᠪᠣᠯ ᠰᠡᠳᠬᠢᠯ ᠪᠠᠶᠢᠪᠠᠰᠤ ᠮᠣᠩᠭᠣᠯ ᠬᠦᠮᠦᠨ ᠮᠣᠩᠭᠣᠯ ᠤᠯᠤᠰ ᠢᠶᠠᠨ ᠮᠠᠨᠳᠤᠭᠤᠯᠤᠨ᠎ᠠ᠃ ᠮᠣᠩᠭᠣᠯ ᠬᠡᠯᠡ ᠲᠡᠢ ᠴᠤ ᠬᠠᠷᠢ ᠰᠡᠳᠬᠢᠯ ᠲᠡᠢ ᠬᠦᠮᠦᠰ ᠣᠯᠠᠰᠢᠷᠠᠬᠤ ᠪᠤᠢ ᠭᠡᠳᠡᠭ ᠡᠴᠡ ᠯᠠ ᠪᠢ ᠪᠣᠯᠭᠣᠮᠵᠢᠯᠠᠳᠠᠭ᠃ -ᠠᠮᠵᠢᠯᠲᠠᠲᠠᠢ ᠶᠠᠪᠤᠭ᠎ᠠ ᠬᠦᠮᠦᠰ ᠶᠡᠬᠡᠩᠬᠢ ᠳᠦ ᠪᠡᠨ ᠬᠡᠨ ᠨᠢᠭᠡᠨ ᠡᠴᠡ ᠦᠯᠢᠭᠡᠷ ᠳᠠᠭᠤᠷᠢᠶᠠᠯ᠂ ᠤᠷᠮ᠎ᠠ ᠵᠣᠷᠢᠭ ᠠᠪᠳᠠᠭ ᠭᠡᠳᠡᠭ ᠰᠢᠦ ᠳ᠋ᠡ᠃ ᠲᠠᠨ ᠤ ᠬᠤᠪᠢ ᠳᠤ ᠬᠡᠨ ᠡᠴᠡ ᠡᠰᠡᠪᠡᠯ ᠶᠠᠭᠤᠨ ᠠᠴᠠ ᠤᠷᠮ᠎ᠠ ᠵᠣᠷᠢᠭ᠂ ᠦᠯᠢᠭᠡᠷ ᠳᠠᠭᠤᠷᠢᠶᠠᠯ ᠢᠶᠡᠨ ᠠᠪᠳᠠᠭ ᠪᠤᠢ︖ -ᠡᠬᠡ ᠣᠷᠣᠨᠴᠢ ᠦᠵᠡᠯ ᠢ ᠪ ∙ ᠷᠢᠨᠴᠢᠨ ᠳ᠋ᠣᠺᠲ᠋ᠣᠷ ᠠᠴᠠ᠂ ᠡᠬᠡ ᠬᠡᠯᠡ ᠰᠤᠶᠤᠯ ᠢᠶᠠᠨ ᠬᠠᠶᠢᠷᠠᠯᠠᠬᠤ ᠶᠢ ᠼ ∙ ᠳᠠᠮᠳᠢᠨᠰᠦ᠋ᠷᠦᠩ ᠠᠺᠠᠳᠧᠮᠢᠴᠢ ᠠᠴᠠ᠂ ᠮᠣᠩᠭᠣᠯ ᠤᠨ ᠠᠷᠬᠧᠣᠯᠣᠭᠢ ᠶᠢᠨ ᠨᠢᠭᠤᠴᠠᠰ ᠢ ᠲᠠᠶᠢᠯᠬᠤ ᠬᠦᠰᠡᠯ ᠢ ᠳ ∙ ᠨᠠᠸᠠᠩ ᠪᠠᠭᠰᠢ ᠠᠴᠠ ᠪᠠᠨ᠂ ᠪᠤᠷᠬᠠᠨ ᠤ ᠱᠠᠰᠢᠨ ᠢ ᠳᠡᠭᠡᠳᠦᠯᠡᠬᠦ ᠤᠬᠠᠭᠠᠨ ᠢ ᠪᠠᠩᠵᠢᠶ᠎ᠠ ᠠᠴᠠ ᠪᠠᠨ᠂ ᠪᠤᠰᠤᠳ ᠢ ᠬᠠᠶᠢᠷᠠᠯᠠᠬᠤ ᠰᠡᠳᠬᠢᠯ ᠢ ᠪᠤᠭᠤᠷᠤᠢ ᠠᠴᠠ ᠪᠠᠨ ᠭᠡᠳ ᠯᠠ ᠬᠥᠪᠥᠷᠡᠨ᠎ᠡ ᠳ᠋ᠡ᠃ ᠮᠣᠩᠭᠣᠯᠴᠤᠳ ᠪᠢᠳᠡᠨ ᠦ ᠴᠡᠭᠡᠵᠢᠨ ᠳᠦ ᠴᠢᠩᠭᠢᠰ ᠬᠠᠭᠠᠨ ᠭᠡᠳᠡᠭ ᠨᠢᠭᠡᠨ ᠰᠢᠲᠦᠭᠡᠨ ᠪᠠᠶᠢᠳᠠᠭ ᠲᠤ ᠪᠠᠲᠤ ᠢᠲᠡᠭᠡᠳᠡᠭ᠃ ᠰᠤᠷᠬᠤ ᠳᠤ ᠨᠠᠰᠤᠨ ᠤ ᠬᠢᠵᠠᠭᠠᠷ ᠦᠭᠡᠢ᠂ ᠬᠠᠷᠢᠨ ᠰᠡᠳᠬᠢᠯ ᠦᠨ ᠬᠢᠵᠠᠭᠠᠷ ᠪᠤᠢ -ᠲᠠᠨ ᠤ ᠬᠤᠪᠢ ᠳᠤ ᠠᠮᠢᠳᠤᠷᠠᠯ ᠳᠤ ᠪᠠᠨ ᠠᠪᠴᠤ ᠪᠠᠶᠢᠭᠰᠠᠨ ᠬᠠᠮᠤᠭ ᠤᠨ ᠰᠠᠶᠢᠨ ᠵᠥᠪᠯᠡᠭᠡ ᠶᠢ ᠬᠡᠨ ᠥᠭᠭᠦᠭᠰᠡᠨ ᠪᠤᠢ︖ -ᠪᠠᠭᠤᠷᠠᠢ ᠡᠵᠢ ᠮᠢᠨᠢ ᠪᠠᠶᠢᠯ᠎ᠠ᠃ ᠲᠡᠭᠡᠭᠡᠳ ᠡᠵᠢ ᠮᠢᠨᠢ ᠪᠠᠶᠢᠪᠠ᠃ ᠣᠳᠣ ᠬᠠᠨᠢ ᠮᠢᠨᠢ ᠯᠠ ᠪᠠᠶᠢᠨ᠎ᠠ ᠳ᠋ᠠ᠃ -ᠠᠮᠢᠳᠤᠷᠠᠯ ᠳᠤ ᠪᠠᠨ ᠬᠢᠵᠦ ᠪᠠᠶᠢᠭᠰᠠᠨ ᠬᠠᠮᠤᠭ ᠤᠨ ᠲᠣᠮᠣ ᠪᠦᠲᠦᠯ ᠦᠭᠡᠢᠳᠡᠯ᠂ ᠲᠡᠭᠦᠨ ᠡᠴᠡ ᠠᠪᠤᠭᠰᠠᠨ ᠰᠤᠷᠭᠠᠮᠵᠢ ᠲᠠᠨᠢ ᠶᠠᠭᠤ ᠪᠤᠢ︖ -ᠲᠡᠦᠬᠡᠴᠢ ᠪᠣᠯᠬᠤ ᠬᠦᠰᠡᠯ ᠳ᠋ᠡᠭᠡᠨ ᠬᠦᠷᠦᠭᠡ ᠦᠭᠡᠢ ᠲᠤᠯᠠ ᠣᠳᠣ ᠬᠦᠷᠲᠡᠯ᠎ᠡ ᠲᠡᠦᠬᠡ ᠰᠤᠳᠤᠯᠤᠭᠰᠠᠭᠠᠷ ᠴᠢᠷᠳᠠᠶᠢᠵᠤ ᠶᠠᠪᠤᠨ᠎ᠠ᠃ ᠥᠪᠡᠷ ᠢ ᠪᠠᠨ ᠬᠦᠰᠡᠯ ᠦᠨ ᠢᠶᠡᠨ ᠬᠠᠷ᠎ᠠ ᠭᠡᠷ ᠲᠦ ᠬᠣᠷᠢᠭᠰᠠᠨ᠃ ᠡᠨᠡ ᠯᠠ ᠮᠢᠨᠦ ᠠᠮᠢᠳᠤᠷᠠᠯ ᠤᠨ ᠬᠠᠮᠤᠭ ᠤᠨ ᠲᠣᠮᠣ ᠰᠤᠷᠭᠠᠮᠵᠢ᠃ - ᠬᠣᠷᠢᠨ ᠨᠢᠭᠡᠳᠦᠭᠡᠷ ᠵᠠᠭᠤᠨ ᠳᠤ ᠵᠠᠯᠠᠭᠤ ᠬᠦᠮᠦᠨ ᠦ ᠭᠣᠣᠯ ᠥᠷᠢᠰᠦᠯᠳᠥᠬᠦ ᠴᠢᠳᠠᠪᠤᠷᠢ ᠶᠢ ᠲᠠ ᠶᠠᠭᠤ ᠭᠡᠵᠦ ᠲᠣᠳᠣᠷᠬᠠᠶᠢᠯᠠᠬᠤ ᠪᠤᠢ︖ ᠲᠠᠨ ᠤ ᠬᠤᠪᠢ ᠳᠤ ᠶᠠᠮᠠᠷ ᠴᠢᠭᠯᠡᠯ ᠳᠦ ᠥᠪᠡᠷ ᠢ ᠪᠡᠨ ᠢᠯᠡᠭᠦᠦ ᠲᠡᠢ ᠬᠥᠭᠵᠢᠭᠦᠯᠵᠦ ᠪᠠᠶᠢᠨ᠎ᠠ ᠪᠤᠢ︖ -ᠮᠡᠳᠡᠭᠡᠯᠡᠯ ᠦᠨ ᠡᠨᠡ ᠵᠠᠭᠤᠨ ᠳᠤ ᠠᠯᠢ ᠪᠣᠯᠬᠤ ᠪᠠᠷ ᠰᠠᠲᠠᠭᠠᠷᠠᠵᠤ᠂ ᠲᠥᠭᠡᠷᠢᠬᠦ ᠦᠭᠡᠢ ᠵᠥᠪ ᠮᠡᠳᠡᠭᠡᠯᠡᠯ ᠢ ᠴᠠᠭ ᠠᠯᠳᠠᠯ ᠦᠭᠡᠢ ᠣᠯᠵᠤ ᠠᠪᠬᠤ᠂ ᠲᠡᠭᠦᠨ ᠳᠦ ᠪᠡᠨ ᠲᠤᠯᠭᠠᠭᠤᠷᠢᠯᠠᠵᠤ ᠥᠪᠡᠷ ᠢ ᠪᠡᠨ ᠡᠳᠦᠷ ᠲᠤᠲᠤᠮ ᠪᠠᠭ᠎ᠠ ᠪᠠᠭ᠎ᠠ ᠪᠠᠷ ᠬᠥᠭᠵᠢᠭᠦᠯᠬᠦ ᠲᠡᠶᠢᠮᠦ ᠮᠡᠳᠡᠷᠡᠮᠵᠢ ᠲᠡᠢ ᠪᠠᠶᠢᠬᠤ ᠶᠠᠪᠤᠳᠠᠯ ᠶᠤᠮ᠃ ᠪᠢ ᠡᠳᠦᠷ ᠪᠦᠷᠢ ᠨᠢᠭᠡ ᠰᠢᠨ᠎ᠡ ᠵᠦᠢᠯ ᠢ ᠵᠠᠪᠠᠯ ᠰᠤᠷᠬᠤ ᠵᠠᠮ ᠢᠶᠠᠷ ᠥᠪᠡᠷ ᠢ ᠪᠡᠨ ᠬᠥᠭᠵᠢᠭᠦᠯᠬᠦ ᠶᠢ ᠬᠢᠴᠢᠶᠡᠳᠡᠭ᠃ ᠰᠤᠷᠣᠨ᠎ᠠ ᠭᠡᠳᠡᠭ ᠰᠡᠳᠬᠢᠯ ᠦᠨ ᠬᠢ ᠪᠠᠶᠢᠳᠠᠭ᠃ ᠨᠠᠰᠤᠨ ᠤ ᠬᠢᠵᠠᠭᠠᠷ ᠴᠢᠬᠤᠯᠠ ᠪᠢᠰᠢ᠃ -ᠲᠠᠨ ᠤ ᠠᠯᠤᠰ ᠤᠨ ᠬᠠᠷᠠᠭ᠎ᠠ᠂ ᠴᠢᠨᠠᠭᠰᠢᠳᠠ ᠶᠢᠨ ᠵᠣᠷᠢᠯᠭ᠎ᠠ ᠲᠥᠯᠥᠪᠯᠡᠭᠡ ᠶᠠᠭᠤ ᠪᠠᠶᠢᠨ᠎ᠠ ᠪᠤᠢ᠃ ᠮᠣᠩᠭᠣᠯ ᠳᠤ ᠪᠠᠨ ᠢᠷᠡᠬᠦ ᠪᠣᠳᠣᠯ ᠪᠠᠶᠢᠨ᠎ᠠ ᠤᠤ᠃ ᠶᠠᠮᠠᠷ ᠰᠤᠳᠤᠯᠭᠠᠨ ᠳᠡᠭᠡᠷ᠎ᠡ ᠠᠵᠢᠯᠯᠠᠵᠤ ᠪᠠᠶᠢᠨ᠎ᠠ ᠪᠤᠢ︖ -ᠪᠢ ᠨᠢᠭᠡ ᠶᠡᠬᠡ ᠬᠣᠯᠠ ᠶᠢᠨ ᠪᠣᠳᠣᠯ ᠲᠥᠯᠥᠪᠯᠡᠭᠰᠡᠨ ᠦᠭᠡᠢ᠃ ᠮᠣᠩᠭᠣᠯ ᠤᠯᠠᠮᠵᠢᠯᠠᠯ ᠢᠶᠠᠷ ᠪᠣᠯ ᠪᠢ ᠲᠡᠭᠡᠨ᠎ᠡ᠂ ᠢᠩᠭᠢᠨ᠎ᠡ ᠭᠡᠳ ᠪᠠᠶᠢᠳᠠᠭ ᠦᠭᠡᠢ᠃ ᠳᠣᠲᠣᠷ᠎ᠠ ᠪᠠᠨ ᠪᠣᠳᠣᠯ ᠲᠠᠢ᠂ ᠳᠣᠣᠷ᠎ᠠ ᠪᠠᠨ ᠰᠠᠭᠤᠷᠢ ᠲᠠᠢ ᠶᠠᠪᠤᠬᠤ ᠶᠢ ᠬᠢᠴᠢᠶᠡᠳᠡᠭ᠃ ᠡᠪᠡᠳᠴᠢᠨ ᠵᠣᠪᠠᠯᠠᠩ ᠦᠭᠡᠢ᠂ ᠡᠷᠡᠭᠦᠯ ᠮᠡᠨᠳᠦ ᠶᠠᠪᠤᠪᠠᠯ ᠪᠤᠰᠤᠳ ᠨᠢ ᠪᠣᠯᠤᠨ᠎ᠠ ᠳ᠋ᠠ ᠭᠡᠵᠦ ᠪᠣᠳᠣᠳᠠᠭ ᠶᠤᠮ᠃ ᠬᠡᠦᠬᠡᠳ ᠦᠳ ᠲᠡᠭᠡᠨ ᠪᠣᠯᠪᠠᠰᠤᠷᠠᠯ ᠣᠯᠭᠣᠬᠤ ᠭᠡᠭᠰᠡᠭᠡᠷ ᠶᠠᠪᠤᠭᠠᠳ ᠬᠠᠷᠢ ᠳᠤ ᠤᠳᠤᠯ᠎ᠠ᠃ ᠡᠨᠳᠡ ᠪᠡᠨ ᠬᠡᠰᠡᠭ ᠪᠠᠶᠢᠬᠤ ᠨᠢ ᠰᠤᠳᠤᠯᠭ᠎ᠠ ᠬᠢᠬᠦ ᠪᠣᠯᠤᠮᠵᠢ ᠶᠢ ᠣᠯᠭᠣᠬᠤ ᠶᠤᠮ ᠳ᠋ᠠ᠃ -ᠡᠴᠦᠰ ᠲᠦ ᠨᠢ᠂ ᠲᠠᠨ ᠤ ᠵᠦᠭ ᠡᠴᠡ ᠵᠠᠯᠠᠭᠤᠴᠤᠳ ᠲᠤ ᠶᠠᠭᠤ ᠶᠢ ᠵᠠᠬᠢᠵᠤ ᠬᠡᠯᠡᠬᠦ ᠪᠤᠢ︖ -ᠰᠢᠳᠤᠷᠭᠤ᠂ ᠲᠤᠰᠠᠴᠢ ᠨᠢᠩᠵᠢᠨ ᠰᠡᠳᠬᠢᠯ ᠲᠡᠢ᠂ ᠰᠤᠷᠬᠤ ᠮᠡᠳᠡᠬᠦ ᠶᠢᠨ ᠲᠥᠯᠥᠭᠡ ᠥᠭᠡᠳᠡᠷᠡᠭ ᠲᠡᠮᠡᠦᠯᠦᠯ ᠲᠡᠢ᠂ ᠲᠤᠶᠢᠯᠪᠤᠷᠢᠲᠠᠢ ᠪᠠᠰᠠ ᠲᠡᠪᠴᠢᠶᠡᠷᠢ ᠬᠠᠲᠠᠭᠤᠵᠢᠯᠲᠠᠢ ᠪᠠᠶᠢᠬᠤ ᠨᠢ ᠴᠢᠬᠤᠯᠠ᠃ ᠵᠠᠯᠠᠭᠤ ᠨᠠᠰᠤᠨ ᠳᠤ ᠡᠷᠳᠡᠮ ᠰᠤᠷᠬᠤ᠂ ᠰᠤᠷᠬᠤ ᠠᠷᠭ᠎ᠠ ᠪᠠᠨ ᠡᠷᠲᠡ ᠡᠵᠡᠮᠰᠢᠬᠦ ᠨᠢ ᠬᠣᠶᠢᠴᠢ ᠳᠤ ᠤᠯᠠᠮ ᠠᠰᠢᠭᠲᠠᠢ ᠪᠣᠯᠳᠠᠭ᠃ ᠬᠦᠮᠦᠨ ᠠᠯᠢᠪᠠ ᠵᠦᠢᠯ ᠢ ᠨᠢᠭᠡ ᠳᠣᠣᠷ᠎ᠠ ᠰᠤᠷᠳᠠᠭ ᠦᠭᠡᠢ᠂ ᠪᠠᠭ᠎ᠠ ᠪᠠᠭ᠎ᠠ ᠪᠠᠷ ᠠᠬᠢᠵᠤ ᠰᠤᠷᠳᠠᠭ ᠭᠡᠳᠡᠭ ᠢ ᠪᠦᠷᠢᠨ ᠣᠶᠢᠯᠠᠭᠠᠵᠤ ᠰᠠᠶᠢᠨ ᠰᠠᠨᠠᠵᠤ ᠶᠠᠪᠤᠬᠤ ᠬᠡᠷᠡᠭᠲᠡᠢ᠃ ᠣᠳᠣ ᠴᠤ ᠪᠢ ᠰᠤᠷᠣᠭᠰᠠᠭᠠᠷ ᠯᠠ ᠶᠠᠪᠤᠨ᠎ᠠ᠃ ᠡᠴᠦᠰ ᠲᠦ ᠨᠢ ᠵᠠᠯᠠᠭᠤᠰ ᠲᠤ ᠪᠠᠨ ᠠᠮᠢᠨᠴᠢᠯᠠᠨ ᠬᠡᠯᠡᠬᠦ ᠳᠦ 《ᠪᠤᠰᠤᠳ ᠤᠨ ᠭᠠᠷ ᠬᠥᠯ ᠪᠤᠤ ᠪᠣᠯ᠃ ᠥᠪᠡᠷᠲᠡᠭᠡᠨ ᠪᠦᠷᠢᠨ ᠢᠲᠡᠭᠡᠯ ᠲᠡᠢ ᠪᠠᠢ》 ᠭᠡᠵᠦ ᠬᠡᠯᠡᠮᠡᠷ ᠪᠠᠶᠢᠨ᠎ᠠ᠃ ᠠᠷᠠᠳ ᠤᠨ ᠭᠡᠰᠡᠨ ᠲᠣᠳᠣᠳᠬᠠᠯ ᠲᠠᠢ ᠪᠣᠯᠭᠠᠨ ᠳᠤ ᠠᠩᠬᠠᠷᠤᠯ ᠲᠠᠢ ᠬᠠᠨᠳᠤᠵᠤ ᠪᠠᠶᠢᠭᠠᠷᠠᠢ᠃ ᠣᠯᠠᠨ ᠵᠠᠭᠤᠨ ᠢ ᠳᠠᠮᠵᠢᠵᠤ ᠰᠢᠯᠭᠠᠷᠴᠣ ᠦᠯᠡᠳᠡᠭᠰᠡᠨ ᠡᠷᠳᠡᠨᠢ ᠪᠠᠶᠢᠳᠠᠭ ᠶᠤᠮ ᠰᠢᠦ᠃ -ᠰᠣᠨᠢᠷᠬᠠᠯᠲᠠᠢ ᠰᠡᠳᠦᠪ ᠢᠶᠡᠷ ᠶᠠᠷᠢᠯᠴᠠᠭᠰᠠᠨ ᠲᠠᠨ ᠳᠤ ᠪᠠᠶᠠᠷᠯᠠᠯ᠎ᠠ︕

2        0       

                             13847524386      211429899@qq.com      13847524386   QQ  211429899 蒙ICP备17002503号-1