ᠳᠡᠯᠭᠡᠷᠡᠭᠰᠡᠨ ᠵᠤᠨ
ᠳᠡᠯᠭᠡᠷᠡᠭᠰᠡᠨ ᠵᠤᠨ
ᠬᠠᠶᠢᠯᠭᠠᠨ ᠬᠠᠪᠤᠷ ᠬᠠᠭᠠᠴᠠᠵᠤ ᠶᠠᠳᠠᠨ ᠴᠠᠰᠤ ᠲᠠᠢ ᠪᠣᠷᠣᠭ᠎ᠠ ᠪᠠᠷ ᠰᠢᠮ᠎ᠡ ᠬᠦᠷᠲᠡᠭᠡᠪᠡ
ᠬᠠᠯᠠᠭᠤᠨ ᠵᠤᠨ ᠬᠡᠳᠦᠬᠡᠨ ᠡᠳᠦᠷ ᠨᠠᠯᠠᠶᠢᠵᠤ ᠬᠠᠪᠰᠠᠷᠭ᠎ᠠ ᠲᠠᠯᠪᠢᠨ ᠨᠠᠮᠤᠷ ᠢ ᠵᠡᠭᠦᠳᠦᠯᠡᠪᠡ
ᠬᠠᠶᠢᠷ᠎ᠠ ᠳᠠᠭᠠᠭᠤᠯᠤᠭᠰᠠᠨ ᠬᠠᠪᠤᠷ ᠵᠤᠨ ᠢ ᠬᠦᠯᠢᠶᠡᠰᠦ ᠪᠡᠷ ᠬᠠᠭᠳᠠᠷᠠᠪᠠ
ᠬᠠᠱᠠᠩ ᠡᠳᠦᠷ ᠦᠳ ᠥᠩᠭᠡᠷᠡᠵᠤ ᠥᠭᠳᠡᠭ ᠦᠭᠡᠢ ᠨᠣᠴᠣᠭᠠᠷᠠᠯ ᠢ ᠬᠥᠳᠡᠯᠭᠡᠪᠡ᠃
ᠽ ∙ ᠵᠠᠨᠷᠠᠢ
5434
2019-05-29 19:37
发表于:内蒙古
ᠳᠡᠯᠭᠡᠷᠡᠭᠰᠡᠨ ᠵᠤᠨ
ᠬᠠᠶᠢᠯᠭᠠᠨ ᠬᠠᠪᠤᠷ ᠬᠠᠭᠠᠴᠠᠵᠤ ᠶᠠᠳᠠᠨ ᠴᠠᠰᠤ ᠲᠠᠢ ᠪᠣᠷᠣᠭ᠎ᠠ ᠪᠠᠷ ᠰᠢᠮ᠎ᠡ ᠬᠦᠷᠲᠡᠭᠡᠪᠡ
ᠬᠠᠯᠠᠭᠤᠨ ᠵᠤᠨ ᠬᠡᠳᠦᠬᠡᠨ ᠡᠳᠦᠷ ᠨᠠᠯᠠᠶᠢᠵᠤ ᠬᠠᠪᠰᠠᠷᠭ᠎ᠠ ᠲᠠᠯᠪᠢᠨ ᠨᠠᠮᠤᠷ ᠢ ᠵᠡᠭᠦᠳᠦᠯᠡᠪᠡ
ᠬᠠᠶᠢᠷ᠎ᠠ ᠳᠠᠭᠠᠭᠤᠯᠤᠭᠰᠠᠨ ᠬᠠᠪᠤᠷ ᠵᠤᠨ ᠢ ᠬᠦᠯᠢᠶᠡᠭᠰᠡᠭᠡᠷ ᠬᠠᠭᠳᠠᠷᠠᠪᠠ
ᠬᠠᠱᠠᠩ ᠡᠳᠦᠷ ᠦᠳ ᠥᠩᠭᠡᠷᠡᠵᠤ ᠥᠭᠳᠡᠭ ᠦᠭᠡᠢ ᠨᠣᠴᠣᠭᠠᠷᠠᠯ ᠢ ᠬᠥᠳᠡᠯᠭᠡᠪᠡ᠃
ᠨᠢᠯᠬ᠎ᠠ ᠲᠥᠯ ᠦᠳ ᠪᠣᠷᠪᠢ ᠲᠡᠨᠢᠢᠵᠦ ᠬᠥᠬᠦᠨ ᠡᠴᠡ ᠪᠡᠨ ᠭᠠᠷᠬᠤ ᠰᠢᠬᠠᠪᠠ
ᠨᠢᠯᠤᠭᠤᠨ ᠦᠭᠡᠰ ᠲᠡᠢ ᠬᠠᠭᠤᠷᠮᠠᠴᠢ ᠬᠠᠶᠢᠷ᠎ᠠ ᠪᠢᠴᠢᠭᠰᠡᠨ ᠰᠢᠯᠦᠭ ᠰᠢᠭ ᠢᠶᠡᠨ ᠮᠥᠩᠬᠡᠷᠡᠪᠡ
ᠨᠠᠷᠠ ᠲᠠᠢ ᠡᠳᠦᠷ ᠰᠡᠭᠦᠳᠡᠷ ᠮᠡᠲᠦ ᠳᠠᠭᠠᠬᠤ ᠰᠦᠨᠡᠰᠦ ᠪᠠᠶᠢᠬᠤ ᠰᠠᠨ
ᠨᠠᠰᠤᠨ ᠤ ᠬᠠᠶᠢᠷ᠎ᠠ ᠮᠢᠨᠢ ᠬᠠᠷᠢᠨ ᠴᠠᠭᠠᠨ ᠠᠭᠤᠯᠠ ᠪᠣᠯᠵᠤ ᠳᠡᠯᠪᠢᠯᠡᠪᠡ᠃
ᠳᠡᠨᠵᠢ ᠳᠡᠭᠡᠭᠦᠷ ᠬᠣᠣᠰ ᠲᠣᠭᠣᠷᠤᠤ ᠨᠢᠰᠦᠯᠳᠦᠭᠡᠳ ᠣᠳᠪᠠ
ᠳᠡᠯᠡᠬᠡᠢ ᠶᠢᠨ ᠳᠠᠶᠢᠳᠠ ᠳ᠋ᠤ ᠵᠦᠯᠭᠡ ᠨᠣᠭᠣᠭᠠᠨ ᠬᠥᠷᠦᠰᠦ ᠵᠤᠯᠤᠭᠳᠠᠪᠠ
ᠳᠡᠪᠡᠯ ᠭᠣᠶᠣ ᠮᠣᠩᠭᠣᠯ ᠬᠦᠦ ᠠᠶᠢᠷᠠᠭ ᠤᠨ ᠪᠦᠯᠢᠭᠦᠷ ᠢᠶᠡᠷ ᠳᠡᠯᠭᠡᠷ ᠵᠤᠨ ᠤ ᠠᠮᠵᠢᠷᠠᠭ᠎ᠠ ᠪᠠᠨ ᠳᠠᠯᠠᠯᠤᠨ᠎ᠠ᠃
ᠽ ∙ ᠵᠠᠨᠷᠠᠢ
"Дэлгэрсэн зун"
Хайлган хавар хагацаж ядан цастай бороогоор шим хүртээв
Халуун зун хэдхэн өдөр налайж хавсарга тавин намрыг зүүдлэв
Хайр дагуулсан хавар зуныг хүлээсээр хагдрав
Хашин өдрүүд өнгөрч өгдөггүй ноцоорлыг хөдөлгөв.
Нялх төлүүд борви тэнийж хөхнөөсөө гарах шахав
Нялуун үгстэй хуурамч хайр бичсэн шүлэг шиг ээ мөнхрөв
Нартай өдөр сүүдэр мэт дагах сүнс байх сан
Насны хайр минь харин цагаан уул болж дэлбээлэв.
Дэнж дээгүүр хос тогоруу нисэлдээд одов
Дэлхийн дайдад зүлэг ногоон хөрс зулагдав
Дээл гоёл монгол хүү айргийн бүлүүрээр дэлгэр зуны амжиргаагаа даллана.
З.Жанрай
4 0