ᠠᠷᠤ ᠠᠶ᠋ᠢᠮᠠᠭ ᠂ ᠠᠷᠤ ᠬᠤᠷᠴᠢᠨ ᠠᠶ᠋ᠢᠮᠠᠭ ᠂ ᠠᠷᠤ ᠬᠤᠷᠴᠢᠨ ᠬᠤᠰᠢᠭᠤ ᠶ᠋ᠢᠨ ᠲᠤᠬᠠᠢ
ᠠᠷᠤ ᠠᠶ᠋ᠢᠮᠠᠭ ᠂ ᠠᠷᠤ ᠬᠤᠷᠴᠢᠨ ᠠᠶ᠋ᠢᠮᠠᠭ ᠂ ᠠᠷᠤ ᠬᠤᠷᠴᠢᠨ ᠬᠤᠰᠢᠭᠤ ᠶ᠋ᠢᠨ ᠲᠤᠬᠠᠢ
13685
2019-06-21 16:32
发表于:内蒙古
ᠠᠷᠤ ᠬᠤᠷᠴᠢᠨᠴᠤᠳ ᠪᠤᠯ ᠴᠢᠩᠭᠢᠰ ᠬᠠᠭᠠᠨ ᠤ ᠲᠡᠭᠦᠤ ᠬᠠᠪᠤᠳᠤ ᠬᠠᠰᠠᠷ ᠤᠨ ᠬᠤᠶ᠋ᠢᠴᠢᠰ ᠬᠢᠭᠡᠳ ᠲᠡᠭᠦᠨ ᠤ ᠬᠠᠷᠢᠶᠠᠳᠤ ᠠᠶ᠋ᠢᠮᠠᠭ ᠤᠨ ᠬᠢᠨ ᠪᠤᠯᠤᠨ᠎ᠠ ᠃ ᠤᠤᠯ ᠳᠠᠭᠠᠨ ᠡᠷᠭᠦᠨ᠎ᠡ ᠭᠤᠤᠯ ᠪᠠ ᠬᠠᠶ᠋ᠢᠯᠠᠷ ᠭᠤᠤᠯ ᠂ ᠬᠦᠯᠦᠨ ᠂ ᠪᠤᠶ᠋ᠢᠷ ᠨᠠᠭᠤᠷ ᠤᠨ ᠤᠷᠴᠢᠮ ᠢᠶᠠᠷ ᠨᠡᠭᠦᠳᠡᠯᠯᠡᠨ ᠮᠠᠯᠵᠢᠨ ᠠᠵᠤ ᠲᠦᠷᠦᠵᠤ ᠪᠠᠶ᠋ᠢᠭᠰᠠᠨ ᠬᠤᠷᠴᠢᠨ ᠠᠶ᠋ᠢᠮᠠᠭ ᠤᠨ ᠨᠢᠭᠡᠨ ᠰᠠᠯᠠᠭ᠎ᠠ ᠶᠤᠮ ᠃ ᠬᠤᠷᠴᠢᠨ ᠭᠡᠳᠡᠭ ᠨᠢ ᠬᠤᠷ ᠰᠠᠭᠠᠳᠠᠭ ᠵᠡᠭᠦᠳᠡᠭ ᠬᠦᠮᠤᠰ ᠭᠡᠰᠡᠨ ᠤᠳᠬ᠎ᠠ ᠲᠠᠢ ᠃ 15 ᠳ᠋ᠤᠭᠠᠷ ᠵᠠᠭᠤᠨ ᠤ ᠲᠤᠮᠳᠠᠴᠢ ᠡᠴᠠ 16 ᠳ᠋ᠤᠭᠠᠷ ᠵᠠᠭᠤᠨ ᠤ ᠡᠬᠢᠨ ᠤ ᠦᠶ᠎ᠡ ᠪᠠᠷ ᠬᠤᠷᠴᠢᠨ ᠠᠶ᠋ᠢᠮᠠᠭ ᠤᠨ ᠨᠢᠭᠡ ᠪᠦᠯᠦᠭ ᠨᠢ ᠡᠮᠤᠨᠡᠰᠢ ᠨᠡᠭᠦᠵᠤ ᠬᠢᠩᠭᠠᠨ ᠲᠠᠪᠠᠭᠠᠨ ᠤ ᠡᠩᠭᠡᠷ ᠨᠤᠨ ᠮᠦᠷᠡᠨ ᠤ ᠰᠠᠪᠠ ᠭᠠᠵᠠᠷ ᠲᠠᠭᠠᠤ ᠢᠷᠡᠵᠤ ᠨᠤᠲᠤᠭᠰᠢᠭᠰᠠᠨ ᠡᠴᠠ ᠨᠤᠨ ᠬᠤᠷᠴᠢᠨ ᠪᠤᠯᠪᠠ ᠂ ᠨᠢᠭᠡ ᠪᠦᠯᠦᠭ ᠨᠢ ᠬᠢᠩᠭᠠᠨ ᠲᠠᠪᠠᠭᠠᠨ ᠤ ᠠᠷᠤ ᠳ᠋ᠠᠬᠢ ᠬᠦᠯᠦᠨ ᠪᠤᠶ᠋ᠢᠷ ᠲᠠᠭᠠᠨ ᠬᠤᠴᠤᠷᠤᠨ ᠰᠠᠭᠤᠷᠢᠰᠢᠵᠤ ︽ ᠠᠷᠤ ᠠᠶ᠋ᠢᠮᠠᠭ ︾ ᠭᠡᠵᠤ ᠨᠡᠷᠡᠯᠡᠵᠤ ᠪᠠᠶ᠋ᠢᠭᠰᠠᠨ ᠢᠶᠡᠨ ᠬᠠᠪᠤᠳᠤ ᠬᠠᠰᠠᠷ ᠤᠨ 16 ᠳ᠋ᠤᠭᠠᠷ ᠦᠶ᠎ᠡ ᠶ᠋ᠢᠨ ᠬᠤᠶ᠋ᠢᠴᠢ ᠬᠦᠨᠳᠡᠯᠡᠨ ᠲᠠᠶ᠋ᠢᠴᠢᠩ ᠤᠨ ᠦᠶ᠎ᠡ ᠳ᠋ᠤ ᠦᠪᠡᠷ ᠤᠨ ᠬᠠᠷᠢᠶᠠᠳᠤ ᠠᠶ᠋ᠢᠮᠠᠭ ᠢᠶᠡᠨ ᠠᠳᠠᠯᠢ ᠠᠶ᠋ᠢᠮᠠᠭ ᠤᠭᠰᠠᠭ᠎ᠠ ᠶ᠋ᠢᠨ ︽ ᠨᠤᠨ ᠬᠤᠷᠴᠢᠨ ︾ ᠡᠴᠠ ᠢᠯᠭᠠᠬᠤ ᠶ᠋ᠢᠨ ᠲᠦᠯᠦᠭᠡ ︽ ᠠᠷᠤ ᠬᠤᠷᠴᠢᠨ ︾ ᠭᠡᠵᠤ ᠨᠡᠷᠡᠯᠡᠵᠡᠢ ᠃ ᠲᠠᠷᠤᠢ ᠬᠢᠩᠭᠠᠨ ᠲᠠᠪᠠᠭᠠᠨ ᠤ ᠠᠷᠤ ᠳ᠋ᠤ ᠦᠯᠡᠳᠡᠭᠰᠡᠨ ᠬᠤᠷᠴᠢᠨ ᠢᠶᠡᠨ ︽ ᠠᠷᠤ ︾ ᠭᠡᠰᠡᠨ ᠲᠤᠳᠤᠳᠬᠠᠯ ᠠᠪᠤᠭᠠᠳ ︽ ᠠᠷᠤ ᠬᠤᠷᠴᠢᠨ ︾ ᠪᠤᠯᠤᠭᠰᠠᠨ ᠪᠠᠶ᠋ᠢᠨ᠎ᠠ ᠃ ᠠᠷᠤ ᠬᠤᠷᠴᠢᠨᠴᠤᠳ ᠤᠳᠤ ᠴᠦ ᠭᠡᠰᠡᠨ ᠦᠪᠡᠷ ᠢ ᠪᠠᠨ ︽ ᠬᠦᠯᠦᠨ ᠪᠤᠶ᠋ᠢᠷ ᠨᠤᠲᠤᠭ ᠲᠠᠢ ᠂ ᠬᠦᠨᠳᠡᠯᠡᠨ ᠲᠠᠶ᠋ᠢᠴᠢᠩ ᠨᠤᠶᠠᠨ ᠲᠠᠢ ︾ ᠭᠡᠵᠤ ᠭᠡᠯᠡᠳᠡᠭ ᠨᠢ ᠦᠨᠳᠤᠰᠤᠯᠡᠯ ᠲᠠᠢ ᠦᠭᠡ ᠶᠤᠮ ᠃
1630 ᠤᠨ ᠤ ᠦᠶ᠎ᠡ ᠪᠠᠷ ᠠᠷᠤ ᠬᠤᠷᠴᠢᠨ ᠠᠶ᠋ᠢᠮᠠᠭ ᠨᠢ ᠯᠢᠭᠳᠡᠨ ᠬᠤᠳᠤᠭᠳᠤ ᠬᠠᠭᠠᠨ ᠤ ᠲᠤᠪᠳᠤᠯᠤᠯ ᠡᠴᠠ ᠵᠠᠶ᠋ᠢᠯᠠᠵᠤ ᠂ ᠬᠢᠩᠭᠠᠨ ᠲᠠᠪᠠᠭ᠎ᠠ ᠶ᠋ᠢ ᠲᠠᠪᠠᠵᠤ ᠡᠮᠤᠨᠡᠰᠢ ᠨᠡᠭᠦᠭᠡᠳ ᠤᠷᠢᠳ ᠬᠤᠵᠢᠳ ᠰᠢᠷᠠᠮᠦ᠋ᠷᠡᠨ ᠤ ᠰᠠᠪᠠ ᠲᠠᠭᠠᠤ ᠠᠮᠢᠳᠤᠷᠠᠵᠤ ᠪᠠᠶ᠋ᠢᠭᠰᠠᠨ ᠢᠶᠡᠨ ᠬᠤᠶ᠋ᠢᠳᠤ ᠠᠯᠳᠠᠨ ᠤᠯᠤᠰ ᠤᠨ ᠲᠡᠭᠷᠢ ᠶ᠋ᠢᠨ ᠰᠡᠴᠡᠨ ᠤ ᠨᠠᠢᠮᠠᠳᠤᠭᠠᠷ ᠤᠨ ︵ 1634 ᠤᠨ ︶ ᠳ᠋ᠤ ᠯᠢᠭᠳᠡᠨ ᠬᠤᠳᠤᠭᠳᠤ ᠬᠠᠭᠠᠨ ᠤ ᠨᠡᠶ᠋ᠢᠰᠯᠡᠯ ᠪᠠᠶ᠋ᠢᠭᠰᠠᠨ ᠤᠳᠤᠬᠢ ᠠᠷᠤ ᠬᠤᠷᠴᠢᠨ ᠤ ᠨᠤᠲᠤᠭ ᠲᠤ ᠰᠢᠯᠵᠢᠨ ᠢᠷᠡᠵᠤ ᠨᠤᠲᠤᠭᠯᠠᠭᠰᠠᠨ ᠪᠠᠶ᠋ᠢᠨ᠎ᠠ ᠃ ᠲᠤᠬᠠᠢ ᠶ᠋ᠢᠨ ᠦᠶ᠎ᠡ ᠶ᠋ᠢᠨ ᠲᠤᠭᠳᠠᠭᠠᠵᠤ ᠦᠭᠭᠦᠭᠰᠡᠨ ᠠᠷᠤ ᠬᠤᠷᠴᠢᠨ ᠠᠶ᠋ᠢᠮᠠᠭ ᠤᠨ ᠵᠠᠭᠠᠭ ᠬᠢᠵᠠᠭᠠᠷ ᠨᠢ ᠵᠡᠭᠦᠨᠰᠢ ᠪᠠᠶᠠᠨᠳᠠᠯ᠎ᠠ ᠡᠴᠠ 30 ᠭᠠᠵᠠᠷ ᠲᠤ ᠵᠠᠷᠤᠳ ᠪᠠᠷᠠᠭᠤᠨ ᠭᠠᠷ ᠤᠨ ᠬᠤᠰᠢᠭᠤ ᠲᠠᠢ ᠵᠠᠬ᠎ᠠ ᠨᠡᠶ᠋ᠢᠯᠡᠵᠤ ᠂ ᠡᠮᠤᠨᠡᠰᠢ ᠪᠠᠨ 200 ᠵᠠᠭᠤᠨ ᠭᠠᠵᠠᠷ ᠲᠤ ᠰᠢᠷᠠᠮᠦ᠋ᠷᠡᠨ ᠢᠶᠠᠷ ᠤᠩᠨᠢᠭᠤᠳ ᠵᠡᠭᠦᠨ ᠬᠤᠰᠢᠭᠤ ᠪᠠ ᠨᠠᠢᠮᠠᠨ ᠬᠤᠰᠢᠭᠤ ᠲᠠᠢ ᠵᠠᠯᠭᠠᠵᠤ ᠂ ᠪᠠᠷᠠᠭᠤᠨᠰᠢ ᠪᠠᠨ ᠰᠤᠪᠠᠢ ᠠᠭᠤᠯᠠ ᠡᠴᠠ 100 ᠭᠠᠵᠠᠷ ᠲᠤ ᠪᠠᠭᠠᠷᠢᠨ ᠲᠠᠢ ᠵᠠᠯᠭᠠᠯᠳᠤᠵᠤ ᠂ ᠤᠮᠠᠷᠠᠰᠢ ᠪᠠᠨ ᠤᠯᠠᠭᠠᠨᠳᠠᠪᠠᠭ᠎ᠠ ᠡᠴᠠ 260 ᠭᠠᠵᠠᠷ ᠲᠤ ᠪᠠᠷᠠᠭᠤᠨ ᠦᠵᠦᠮᠦᠴᠢᠨ ᠲᠠᠢ ᠵᠠᠬ᠎ᠠ ᠨᠡᠶ᠋ᠢᠯᠡᠵᠤ ᠂ ᠵᠡᠭᠦᠨ ᠡᠮᠤᠨ᠎ᠡ ᠪᠠᠨ 220 ᠭᠠᠵᠠᠷ ᠤᠨ ᠦᠵᠦᠭᠦᠷ ᠲᠤ ᠵᠠᠷᠤᠳ ᠵᠡᠭᠦᠨ ᠭᠠᠷᠤᠨ ᠬᠤᠰᠢᠭᠤ ᠲᠠᠢ ᠵᠠᠯᠭᠠᠯᠳᠤᠵᠤ ᠂ ᠪᠠᠷᠠᠭᠤᠨ ᠡᠮᠤᠨ᠎ᠡ ᠪᠠᠨ ᠲᠠᠮᠠᠬᠤ ᠴᠠᠭᠠᠨ ᠮᠠᠩᠬ᠎ᠠ ᠬᠦᠷᠲᠡᠯ᠎ᠡ 200 ᠭᠠᠵᠠᠷ ᠲᠤ ᠪᠠᠭᠠᠷᠢᠨ ᠲᠠᠢ ᠵᠠᠬ᠎ᠠ ᠨᠡᠶ᠋ᠢᠯᠡᠨ ᠂ ᠵᠡᠭᠦᠨ ᠬᠤᠶ᠋ᠢᠨᠠ ᠪᠠᠨ ᠬᠦᠷᠢᠶᠡᠳᠤ ᠨᠠᠭᠤᠷ ᠡᠴᠠ 265 ᠭᠠᠵᠠᠷ ᠤᠨ ᠦᠵᠦᠭᠦᠷ ᠵᠠᠷᠤᠳ ᠪᠠᠷᠠᠭᠤᠨ ᠭᠠᠷᠤᠨ ᠬᠤᠰᠢᠭᠤ ᠲᠠᠢ ᠵᠠᠯᠭᠠᠯᠳᠤᠵᠤ ᠂ ᠪᠠᠷᠠᠭᠤᠨ ᠬᠤᠶ᠋ᠢᠨᠠ ᠪᠠᠨ ᠪᠠᠶᠠᠨᠬᠤᠰᠢᠭᠤ ᠡᠴᠠ 270 ᠭᠠᠵᠠᠷ ᠤᠨ ᠦᠵᠦᠭᠦᠷ ᠲᠤ ᠪᠠᠭᠠᠷᠢᠨ ᠵᠢᠴᠢ ᠦᠵᠦᠮᠤᠴᠢᠨ ᠪᠠᠷᠠᠭᠤᠨ ᠭᠠᠷᠤᠨ ᠬᠤᠰᠢᠭᠤ ᠲᠠᠢ ᠵᠠᠬ᠎ᠠ ᠨᠡᠶ᠋ᠢᠯᠡᠵᠤ ᠂ ᠵᠡᠭᠦᠨᠰᠢ ᠪᠠᠷᠠᠭᠤᠨᠰᠢ 130 ᠭᠠᠵᠠᠷ ᠂ ᠡᠮᠤᠨᠡᠰᠢ ᠤᠮᠠᠷᠠᠰᠢ 420 ᠭᠠᠵᠠᠷ ᠭᠡᠵᠤ ᠲᠤᠭᠳᠠᠭᠠᠵᠠᠢ ᠃
1634 ᠤᠨ ᠳ᠋ᠤ ᠠᠷᠤ ᠬᠤᠷᠴᠢᠨ ᠠᠶ᠋ᠢᠮᠠᠭ ᠢ ᠡᠮᠤᠨᠡᠳᠤ ᠬᠤᠶ᠋ᠢᠳᠤ ᠬᠤᠶᠠᠷ ᠬᠤᠰᠢᠭᠤ ᠬᠤᠪᠢᠶᠠᠵᠤ ᠬᠠᠪᠤᠳᠤ ᠬᠠᠰᠠᠷ ᠤᠨ 17 ᠳ᠋ᠤᠭᠠᠷ ᠦᠶ᠎ᠡ ᠶ᠋ᠢᠨ ᠬᠤᠶ᠋ᠢᠴᠢ ᠲᠠᠯᠠᠢ ᠴᠦᠭᠦᠷ ︵ ᠵᠠᠷᠢᠮ ᠨᠤᠮ ᠳ᠋ᠤ ᠲᠠᠯᠠᠢ ᠴᠦᠩᠭᠦᠷ ᠭᠡᠵᠤ ᠪᠤᠢ ︶ ᠨᠤᠶᠠᠨ ᠪᠠ ᠲᠡᠭᠦᠨ ᠤ ᠬᠦᠪᠡᠭᠦᠨ ᠮᠤᠵᠠᠩ ᠢᠶᠠᠷ ᠲᠤᠰ ᠲᠤᠰ ᠵᠠᠬᠢᠷᠤᠭᠤᠯᠪᠠ ᠃ 1636 ᠤᠨ ᠳ᠋ᠤ ᠬᠤᠶᠠᠷ ᠬᠤᠰᠢᠭᠤ ᠶ᠋ᠢ ᠨᠢᠭᠡᠳᠬᠡᠨ ᠨᠢᠭᠡᠨ ᠬᠤᠰᠢᠭᠤ ᠪᠤᠯᠭᠠᠵᠤ ᠂ 3000 ᠭᠠᠷᠤᠢ ᠡᠷᠦᠭᠡ ᠶ᠋ᠢ 60 ᠰᠤᠮᠤ ᠬᠤᠪᠢᠶᠠᠵᠤ ᠂ ᠬᠠᠪᠤᠳᠤ ᠬᠠᠰᠠᠷ ᠤᠨ 18 ᠳ᠋ᠤᠭᠠᠷ ᠦᠶ᠎ᠡ ᠶ᠋ᠢᠨ ᠬᠤᠶ᠋ᠢᠴᠢ ᠮᠤᠵᠠᠩ ᠢᠶᠠᠷ ᠵᠠᠬᠢᠷᠤᠭᠤᠯᠤᠭᠰᠠᠨ ᠪᠠᠶ᠋ᠢᠨ᠎ᠠ ᠃ ᠡᠨᠡ ᠪᠤᠯ ᠠᠷᠤ ᠬᠤᠷᠴᠢᠨ ᠠᠶ᠋ᠢᠮᠠᠭ ᠨᠢ ᠬᠤᠰᠢᠭᠤ ᠪᠠᠶ᠋ᠢᠭᠤᠯᠤᠭᠰᠠᠨ ᠡᠬᠢᠨ ᠤ ᠦᠶ᠎ᠡ ᠶᠤᠮ ᠃ ᠠᠷᠤ ᠬᠤᠷᠴᠢᠨ ᠬᠤᠰᠢᠭᠤ ᠵᠠᠰᠠᠭ ᠨᠤᠶᠠᠨ ᠲᠠᠭᠳᠠᠨᠸᠠᠩᠴᠤᠭ ᠪᠡᠶ᠋ᠢᠯᠡ 1744 - 1746 ᠤᠨ ᠤ ᠬᠤᠭᠤᠷᠤᠨᠳᠤ ᠪᠤᠭᠳᠠ ᠠᠭᠤᠯᠠ ᠶ᠋ᠢᠨ ᠡᠩᠭᠡᠷ ᠂ ᠲᠤᠬᠤᠮᠳᠠᠢ ᠶ᠋ᠢᠨ ᠭᠤᠤᠯ ᠤᠨ ᠲᠡᠨᠵᠢᠨ ︵ ᠤᠳᠤ ᠶ᠋ᠢᠨ ᠬᠤᠨᠳᠤ ᠪᠠᠯᠭᠠᠰᠤᠨ ᠤ ᠲᠦᠪ ᠤᠨ ᠰᠠᠭᠤᠭ᠎ᠠ ᠭᠠᠵᠠᠷ ︶ ᠲᠡᠭᠡᠷ᠎ᠡ ᠬᠤᠰᠢᠭᠤ ᠸᠠᠩ ᠤᠨ ᠤᠷᠳᠤᠨ ᠢᠶᠡᠨ ᠪᠠᠶ᠋ᠢᠭᠤᠯᠵᠤ ᠂ 1946 ᠤᠨ ᠤ 6 ᠰᠠᠷ᠎ᠠ ᠳ᠋ᠤ ᠬᠤᠰᠢᠭᠤ ᠵᠠᠰᠠᠭ ᠤᠨ ᠤᠷᠳᠤᠨ ᠨᠢ ᠤᠳᠤ ᠶ᠋ᠢᠨ ᠴᠢᠪᠠᠭ᠎ᠠ ᠪᠠᠯᠭᠠᠰᠤᠨ ᠳ᠋ᠤ ᠰᠢᠯᠵᠢᠳᠡᠯᠡ ᠪᠠᠨ ᠡᠯ᠎ᠡ ᠦᠶ᠎ᠡ ᠶ᠋ᠢᠨ ᠵᠠᠰᠠᠭ ᠸᠠᠩ ᠨᠠᠷ ᠬᠤᠨᠳᠤ ᠨᠤᠲᠤᠭ ᠢᠶᠠᠷ ᠲᠦᠪ ᠪᠤᠯᠭᠠᠭᠰᠠᠨ ᠠᠷᠤ ᠬᠤᠷᠴᠢᠨ ᠤ ᠬᠤᠶ᠋ᠢᠳᠤ ᠬᠡᠰᠡᠭ ᠢᠶᠠᠷ 300 ᠭᠠᠷᠤᠢ ᠵᠢᠯ ᠵᠠᠰᠠᠭᠯᠠᠭᠰᠠᠨ ᠪᠠᠶ᠋ᠢᠭ᠎ᠠ ᠶᠤᠮ ᠃ 1908 ᠤᠨ ᠳ᠋ᠤ ᠴᠢᠩ ᠤᠯᠤᠰ ᠤᠨ ᠵᠠᠰᠠᠭ ᠤᠨ ᠭᠠᠵᠠᠷ ᠡᠴᠠ ᠺᠠᠶ᠋ᠢᠯᠤ ᠰᠢᠶᠠᠨ ᠢ ᠪᠠᠶ᠋ᠢᠭᠤᠯᠵᠤ ᠠᠷᠤ ᠬᠤᠷᠴᠢᠨ ᠬᠤᠰᠢᠭᠤᠨ ᠤ ᠡᠮᠤᠨ᠎ᠡ ᠬᠡᠰᠡᠭ ᠪᠠ ᠵᠡᠭᠦᠨ ᠡᠮᠤᠨ᠎ᠡ ᠬᠡᠰᠡᠭ ᠤᠨ ᠦᠷᠭᠡᠨ ᠠᠭᠤᠳᠠᠮ ᠨᠤᠲᠤᠭ ᠪᠡᠯᠴᠢᠭᠡᠷ ᠢ ᠬᠡᠰᠡᠭᠯᠡᠨ ᠦᠭᠪᠡ ᠃ ᠢᠷᠭᠡᠨ ᠤᠯᠤᠰ ᠤᠨ ᠡᠬᠢᠨ ᠤ ᠦᠶ᠎ᠡ ᠳ᠋ᠤ ᠪᠦᠬᠦ ᠬᠤᠰᠢᠭᠤ ᠶ᠋ᠢ ᠨᠡᠶ᠋ᠢᠳᠡ 5 ᠨᠤᠲᠤᠭ ᠬᠤᠪᠢᠶᠠᠪᠠ ᠂ ᠲᠠᠷᠤᠢ ᠬᠤᠨᠳᠤ ᠂ ᠬᠠᠨᠰᠦ᠋ᠮ᠎ᠡ ᠂ ᠲᠤᠤᠳᠠᠨ ᠂ ᠪᠠᠯᠴᠢᠷᠤᠳ ᠂ ᠲᠢᠪᠦᠯᠢ ᠨᠤᠲᠤᠭ ᠪᠤᠯᠤᠨ᠎ᠠ ᠃ 1933 ᠤᠨ ᠳ᠋ᠤ ᠠᠷᠤ ᠬᠤᠷᠴᠢᠨ ᠬᠤᠰᠢᠭᠤ ᠶᠠᠫᠤᠨ ᠳ᠋ᠤ ᠡᠵᠡᠯᠡᠭᠳᠡᠵᠤ ᠂ ᠬᠢᠩᠭᠠᠨ ᠪᠠᠷᠠᠭᠤᠨ ᠮᠤᠵᠢ ᠳ᠋ᠤ ᠵᠢᠷᠤᠭᠯᠠᠭᠳᠠᠪᠠ ᠃ 1940 ᠤᠨ ᠳ᠋ᠤ ᠷᠸ ᠾᠧ ᠮᠤᠵᠢ ᠶ᠋ᠢᠨ ᠵᠠᠬᠢᠷᠤᠯ ᠳ᠋ᠤ ᠤᠷᠤᠵᠤ ᠂ 1941 ᠤᠨ ᠳ᠋ᠤ ᠪᠦᠬᠦ ᠬᠤᠰᠢᠭᠤ ᠶ᠋ᠢ ᠬᠤᠨᠳᠤ ᠂ ᠬᠠᠨᠰᠦ᠋ᠮ᠎ᠡ ᠂ ᠲᠤᠤᠳᠠᠨ ᠂ ᠪᠠᠯᠴᠢᠷᠤᠳ ᠂ ᠬᠢᠲᠠᠳ ᠲᠠᠪᠤᠨ ᠨᠤᠲᠤᠭ ᠂ ᠲᠢᠪᠦᠯᠢ ᠂ ᠰᠢᠷᠠᠳᠠᠯ᠎ᠠ ᠂ ᠪᠠᠶᠠᠨᠳᠠᠯ᠎ᠠ ᠵᠡᠷᠭᠡ ᠨᠠᠢᠮᠠᠨ ᠨᠤᠲᠤᠭ ᠬᠤᠪᠢᠶᠠᠵᠤ ᠂ ᠨᠤᠲᠤᠭ ᠤᠨ ᠲᠤᠤᠷ᠎ᠠ ᠵᠠᠭᠤᠳᠤ ᠶ᠋ᠢᠨ ᠲᠠᠷᠤᠭ᠎ᠠ ᠪᠠᠷᠤᠭ 180 ᠬᠦᠮᠤᠨ ᠂ ᠲᠠᠪᠢᠳᠤ ᠶ᠋ᠢᠨ ᠲᠠᠷᠤᠭ᠎ᠠ 360 ᠬᠦᠮᠤᠨ ᠂ ᠠᠷᠪᠠᠳᠤ ᠶ᠋ᠢᠨ ᠲᠠᠷᠤᠭ᠎ᠠ 1800 ᠢᠯᠡᠭᠦᠤ ᠬᠦᠮᠤᠨ ᠪᠠᠶ᠋ᠢᠪᠠ ᠃
1945 ᠤᠨ ᠳ᠋ᠤ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠪᠠᠶ᠋ᠢᠭᠤᠯᠤᠭᠳᠠᠵᠤ ᠂ 1946 ᠤᠨ ᠳ᠋ᠤ ᠵᠤᠤ ᠤᠳᠠ ᠠᠶ᠋ᠢᠮᠠᠭ ᠤᠨ ᠲᠦᠷ ᠴᠠᠭ ᠤᠨ ᠵᠠᠰᠠᠭ ᠵᠠᠬᠢᠷᠭᠠᠨ ᠤ ᠵᠦᠪᠯᠡᠯ ᠳ᠋ᠤ ᠬᠠᠮᠢᠶᠠᠷᠤᠭᠳᠠᠵᠤ ᠂ ᠪᠦᠬᠦ ᠬᠤᠰᠢᠭᠤᠨ ᠳ᠋ᠤ 14 ᠨᠤᠲᠤᠭ ᠴᠢᠤᠢ ᠪᠠᠶ᠋ᠢᠭᠤᠯᠵᠤ ᠲᠤᠤᠷ᠎ᠠ ᠨᠢ ᠭᠠᠴᠠᠭ᠎ᠠ ᠲᠤᠰᠬᠤᠨ ᠤ ᠪᠠᠶ᠋ᠢᠭᠤᠯᠤᠯ ᠲᠠᠢ ᠪᠤᠯᠵᠤ ᠬᠢᠳᠠᠳ ᠮᠤᠩᠭᠤᠯ ᠢ ᠲᠤᠰᠠᠭᠠᠷᠯᠠᠨ ᠵᠠᠰᠠᠬᠤ ᠶ᠋ᠢ ᠬᠡᠷᠡᠭᠵᠢᠭᠦᠯᠪᠡ ᠃ 1947 ᠤᠨ ᠳ᠋ᠤ ᠵᠤᠤ ᠤᠳᠠ ᠠᠶ᠋ᠢᠮᠠᠭ ᠤᠨ ᠠᠷᠠᠳ ᠤᠨ ᠵᠠᠰᠠᠭ ᠤᠨ ᠤᠷᠳᠤᠨ ᠳ᠋ᠤ ᠬᠠᠷᠢᠶᠠᠯᠠᠭᠳᠠᠵᠤ ᠂ 1949 ᠤᠨ ᠳ᠋ᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠳ᠋ᠤ ᠬᠠᠷᠢᠶᠠᠯᠠᠭᠳᠠᠵᠤ ᠂ ᠲᠤᠰ ᠵᠢᠯ ᠠᠷᠤ ᠬᠤᠷᠴᠢᠨ ᠬᠤᠰᠢᠭᠤᠨ ᠤ ᠤᠯᠠᠭᠠᠨᠳᠠᠪᠠᠭ᠎ᠠ ᠨᠤᠲᠤᠭ ᠢ ᠪᠠᠭᠠᠷᠢᠨ ᠵᠡᠭᠦᠨ ᠬᠤᠰᠢᠭᠤᠨ ᠳ᠋ᠤ ᠬᠤᠪᠢᠶᠠᠨ ᠦᠭᠴᠦ ᠂ 1950 ᠤᠨ ᠳ᠋ᠤ ᠰᠢᠷᠠᠮᠦ᠋ᠷᠡᠨ ᠭᠤᠤᠯ ᠤᠨ ᠵᠡᠭᠦᠨ ᠳ᠋ᠠᠬᠢ ᠲᠠᠢ ᠫᠢᠩ ᠾᠧ ᠂ ᠶᠡᠭᠡ ᠰᠠᠯᠠᠭ᠎ᠠ ᠂ ᠪᠤᠯᠠᠭ ᠂ ᠰᠢᠶᠤᠤ ᠵᠢᠶᠧ ᠵᠢᠢ ᠵᠡᠷᠭᠡ ᠲᠦᠷᠪᠡᠨ ᠲᠤᠰᠬᠤᠨ ᠢ ᠵᠢᠷᠢᠮ ᠠᠶ᠋ᠢᠮᠠᠭ ᠲᠤ ᠵᠢᠷᠤᠭᠯᠠᠨ ᠦᠭᠴᠤ ᠂ 1951 ᠤᠨ ᠳ᠋ᠤ ᠲᠢᠪᠦᠯᠢ ᠰᠦᠮ᠎ᠡ ᠨᠤᠲᠤᠭ ᠤᠨ ᠲᠤᠶ᠋ᠢᠭ ᠤᠨ ᠭᠤᠤᠯ ᠤᠨ ᠡᠮᠤᠨ᠎ᠡ ᠬᠦᠪᠡᠭᠡᠨ ᠳ᠋ᠠᠬᠢ ᠲᠤᠰᠬᠤᠨ ᠪᠤᠯᠤᠨ ᠰᠤᠯᠤᠩᠭᠤᠰ ᠲᠤᠰᠬᠤᠨ ᠢ ᠵᠢᠷᠢᠮ ᠠᠶ᠋ᠢᠮᠠᠭ ᠤᠨ ᠺᠠᠶ᠋ᠢᠯᠤ ᠰᠢᠶᠠᠨ ᠳ᠋ᠤ ᠵᠢᠷᠤᠭᠯᠠᠨ ᠦᠭᠴᠦ ᠂ 1952 ᠤᠨ ᠳ᠋ᠤ ᠪᠠᠶᠠᠨᠳᠠᠯ᠎ᠠ ᠨᠤᠲᠤᠭ ᠤᠨ ᠪᠠᠶᠠᠨᠳᠠᠯ᠎ᠠ ᠂ ᠱᠤᠸᠠᠩ ᠯᠦᠩ ᠵᠧᠨ ᠬᠤᠶᠠᠷ ᠲᠤᠰᠬᠤᠨ ᠢ ᠵᠢᠷᠢᠮ ᠠᠶ᠋ᠢᠮᠠᠭ ᠤᠨ ᠵᠠᠷᠤᠳ ᠬᠤᠰᠢᠭᠤᠨ ᠳ᠋ᠤ ᠵᠢᠷᠤᠭᠯᠠᠨ ᠦᠭᠴᠦ ᠂ ᠪᠠᠭᠠᠷᠢᠨ ᠪᠠᠷᠠᠭᠤᠨ ᠬᠤᠰᠢᠭᠤᠨ ᠤ ᠪᠠᠶᠠᠨᠪᠤᠳᠠ ᠴᠢᠤᠢ ᠶ᠋ᠢ ᠠᠷᠤ ᠬᠤᠷᠴᠢᠨ ᠬᠤᠰᠢᠭᠤᠨ ᠳ᠋ᠤ ᠵᠢᠷᠤᠭᠯᠠᠨ ᠦᠭᠴᠠᠢ ᠃ ᠲᠤᠰ ᠵᠢᠯ ᠪᠠᠰᠠ ᠤᠤᠯ ᠤᠨ ᠠᠷᠤ ᠬᠤᠷᠴᠢᠨ ᠬᠤᠰᠢᠭᠤᠨ ᠤ ᠤᠯᠠᠭᠠᠨᠳᠠᠪᠠᠭ᠎ᠠ ᠨᠤᠲᠤᠭ ᠤᠨ ᠬᠠᠷᠢᠶᠠᠨ ᠳ᠋ᠤ ᠪᠠᠶ᠋ᠢᠭᠰᠠᠨ ᠰᠠᠨ ᠱᠠᠨ ᠂ ᠱᠤᠤ ᠭᠦᠸᠧ ᠶᠤᠤ ᠂ ᠦᠨᠳᠤᠷᠬᠤᠰᠢᠭᠤ ᠂ ᠬᠠᠪᠴᠢᠯ ᠂ ᠦᠵᠦᠭᠦᠷᠬᠤᠸᠠ ᠂ ᠬᠤᠭᠤᠯᠠᠶ᠋ᠢᠳᠤ ᠰᠦᠮ᠎ᠡ ᠂ ᠬᠤᠯᠪᠤᠭ᠎ᠠ ᠵᠡᠷᠭᠡ ᠲᠤᠰᠬᠤᠨ ᠬᠢᠭᠡᠳ ᠭᠦᠨ ᠰᠤᠪᠠᠭ ᠤᠨ ᠲᠠᠪᠠᠭᠠᠨ ᠡᠴᠠ ᠡᠮᠤᠨᠡᠰᠢᠭᠢ ᠱᠠᠪᠷᠤᠩ ᠠᠭᠤᠯᠠ ᠶ᠋ᠢᠨ ᠰᠢᠭᠤᠶ᠋ᠢᠳᠤ ᠤᠷᠤᠨ ᠢ ᠪᠠᠭᠠᠷᠢᠨ ᠵᠡᠭᠦᠨ ᠬᠤᠰᠢᠭᠤᠨ ᠳ᠋ᠤ ᠵᠢᠷᠤᠭᠯᠠᠨ ᠦᠭᠪᠡ ᠃ 1969 ᠤᠨ ᠳ᠋ᠤ ᠠᠷᠤ ᠬᠤᠷᠴᠢᠨ ᠬᠤᠰᠢᠭᠤ ᠶ᠋ᠢ ᠯᠢᠶᠤᠤᠨᠢᠩ ᠮᠤᠵᠢ ᠳ᠋ᠤ ᠬᠠᠷᠢᠶᠠᠯᠠᠭᠤᠯᠤᠨ ᠂ 1979 ᠤᠨ ᠳ᠋ᠤ ᠲᠠᠬᠢᠨ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠳᠠᠭᠠᠨ ᠪᠤᠴᠠᠨ ᠢᠷᠡᠵᠡᠢ ᠃ ᠤᠳᠤ ᠶ᠋ᠢᠨ ᠠᠷᠤ ᠬᠤᠷᠴᠢᠨ ᠬᠤᠰᠢᠭᠤ ᠨᠢ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠯᠠᠭᠠᠨᠬᠠᠳᠠ ᠬᠤᠳᠠ ᠶ᠋ᠢᠨ ᠵᠡᠭᠦᠨ ᠬᠤᠶ᠋ᠢᠳᠤ ᠬᠡᠰᠡᠭ ᠲᠤ ᠰᠢᠷᠠᠮᠦᠢᠷᠡᠨ ᠤ ᠠᠷᠤ ᠬᠦᠪᠡᠭᠡᠨ ᠡᠴᠠ ᠶᠡᠭᠡ ᠬᠢᠩᠭᠠᠨ ᠲᠠᠪᠠᠭᠠᠨ ᠤ ᠲᠤᠮᠳᠠᠳᠤ ᠬᠡᠰᠡᠭ ᠤᠨ ᠠᠷᠤ ᠳ᠋ᠤ ᠬᠦᠷᠳᠡᠯᠡᠬᠢ ᠦᠷᠭᠡᠨ ᠠᠭᠤᠳᠠᠮ ᠨᠤᠲᠤᠭ ᠲᠡᠪᠢᠰᠭᠡᠷ ᠲᠡᠭᠡᠷ᠎ᠡ ᠪᠠᠷᠠᠭᠤᠡᠰᠢ ᠪᠠᠨ ᠭᠡᠷ ᠤᠪᠤᠭ᠎ᠠ ᠤᠷᠤᠢ ᠡᠴᠠ ᠡᠬᠢᠯᠡᠨ ᠵᠡᠭᠦᠨ ᠵᠠᠬ᠎ᠠ ᠨᠢ ᠹᠧᠩ ᠬᠤᠸᠠᠩ ᠯᠢᠩ ᠬᠦᠭᠦᠷᠭᠡ ᠶ᠋ᠢᠨ ᠵᠡᠭᠦᠨ ᠦᠵᠦᠭᠦᠷ ᠲᠤ ᠬᠦᠷᠴᠤ ᠂ ᠡᠮᠤᠨᠠᠰᠢ ᠪᠠᠨ ᠵᠡᠭᠦᠨ ᠫᠠᠶ᠋ᠢᠮᠤᠳᠤ ᠶ᠋ᠢᠨ ᠡᠮᠤᠨ᠎ᠡ ᠡᠴᠠ ᠡᠬᠢᠯᠡᠨ ᠬᠤᠶ᠋ᠢᠳᠤ ᠵᠠᠬ᠎ᠠ ᠨᠢ ᠬᠦᠷᠢᠶᠡᠳᠤ ᠵᠠᠬ᠎ᠠ ᠨᠠᠭᠤᠷ ᠤᠨ ᠬᠤᠶ᠋ᠢᠳᠤ ᠲᠠᠯ᠎ᠠ ᠬᠦᠷᠴᠤ ᠂ ᠵᠡᠭᠦᠨ ᠲᠠᠯ᠎ᠠ ᠪᠠᠷ ᠢᠶᠡᠨ ᠵᠠᠷᠤᠳ ᠬᠤᠰᠢᠭᠤ ᠲᠠᠢ ᠬᠦᠷᠰᠢᠯᠡᠵᠤ ᠂ ᠡᠮᠤᠨ᠎ᠡ ᠵᠠᠬ᠎ᠠ ᠨᠢ ᠺᠠᠶ᠋ᠢᠯᠤ ᠰᠢᠶᠠᠨ ᠂ ᠤᠩᠨᠢᠭᠤᠳ ᠬᠤᠰᠢᠭᠤ ᠲᠠᠢ ᠲᠤᠶ᠋ᠢᠭ ᠤᠨ ᠭᠤᠤᠯ ᠂ ᠰᠢᠷᠠᠮᠦᠢᠷᠡᠨ ᠭᠤᠤᠯ ᠤᠨ ᠬᠠᠭᠤᠴᠢᠨ ᠰᠠᠪᠠ ᠪᠠᠷ ᠵᠠᠭᠠᠭᠯᠠᠵᠤ ᠂ ᠪᠠᠷᠠᠭᠤᠨ ᠲᠠᠯ᠎ᠠ ᠪᠠᠷ ᠢᠶᠡᠨ ᠪᠠᠭᠠᠷᠢᠨ ᠪᠠᠷᠠᠭᠤᠨ ᠬᠤᠰᠢᠭᠤ ᠂ ᠪᠠᠭᠠᠷᠢᠨ ᠵᠡᠭᠦᠨ ᠬᠤᠰᠢᠭᠤ ᠲᠠᠢ ᠵᠠᠯᠭᠠᠯᠳᠤᠵᠤ ᠂ ᠬᠤᠶ᠋ᠢᠳᠤ ᠲᠠᠯ᠎ᠠ ᠪᠠᠷ ᠢᠶᠡᠨ ᠪᠠᠷᠠᠭᠤᠨ ᠦᠵᠦᠮᠦᠴᠢᠨ ᠬᠤᠰᠢᠭᠤ ᠲᠠᠢ ᠵᠠᠬ᠎ᠠ ᠨᠡᠶ᠋ᠢᠯᠡᠵᠤ ᠪᠠᠶ᠋ᠢᠨ᠎ᠠ ᠃ ᠭᠠᠵᠠᠷ ᠵᠦᠢ ᠶ᠋ᠢᠨ ᠪᠠᠶ᠋ᠢᠷᠢᠰᠢᠯ ᠤᠨ ᠲᠠᠯ᠎ᠠ ᠪᠠᠷ ᠵᠡᠭᠦᠨ ᠤᠷᠲᠤᠷᠢᠭ ᠤᠨ 119 . 2 -120 . 1 ᠭᠷᠠᠳᠦᠢᠰ ᠂ ᠤᠮᠠᠷᠠᠳᠤ ᠦᠷᠭᠡᠷᠢᠭ ᠤᠨ 43 . 21 - 45 . 24 ᠭᠷᠠᠳᠦᠢᠰ ᠶ᠋ᠢᠨ ᠬᠤᠭᠤᠷᠤᠨᠳᠤ ᠪᠠᠶ᠋ᠢᠷᠢᠰᠢᠵᠤ ᠂ ᠡᠮᠤᠨᠡᠰᠢ ᠤᠮᠠᠷᠠᠰᠢ 232 ᠺᠢᠯᠤᠮᠧᠲᠷ ᠂ ᠵᠡᠭᠦᠨᠰᠢ ᠪᠠᠷᠠᠭᠤᠨᠰᠢ 114.4 ᠺᠢᠯᠤᠮᠧᠲᠷ ᠦᠷᠭᠡᠨ ᠂ ᠨᠤᠲᠤᠭ ᠲᠡᠪᠢᠰᠭᠡᠷ ᠤᠨ ᠪᠦᠬᠦ ᠲᠠᠯᠠᠪᠠᠢ ᠨᠢ 14277 ᠳᠡᠭᠰᠢ ᠲᠦᠷᠪᠡᠯᠵᠢᠨ ᠺᠢᠯᠤᠮᠧᠲᠷ ᠪᠠᠶ᠋ᠢᠳᠠᠭ ᠃ 2011 ᠤᠨ ᠤ ᠪᠦᠷᠢᠳᠭᠡᠯ ᠳ᠋ᠤ ᠪᠦᠬᠦ ᠬᠤᠰᠢᠭᠤᠨ ᠳ᠋ᠤ 125120 ᠡᠷᠤᠬᠡ ᠂ 300315 ᠬᠦᠮᠤᠨ ᠠᠮᠠ ᠲᠠᠢ ᠂ ᠡᠭᠦᠨ ᠳ᠋ᠤ ᠴᠦᠬᠡᠨ ᠲᠤᠭᠠᠳᠤ ᠦᠨᠳᠤᠰᠤᠳᠡᠨ 128215 ᠬᠦᠮᠤᠨ ᠢᠶᠠᠷ ᠲᠠᠩᠰᠠᠯᠠᠭᠤᠯᠵᠤ ᠪᠠᠶ᠋ᠢᠪᠠ ᠃ ᠬᠤᠰᠢᠭᠤᠨ ᠤ ᠡᠯ᠎ᠡ ᠰᠤᠮᠤ ᠰᠢᠶᠠᠩ ᠪᠠᠯᠭᠠᠰᠤᠨ ᠳ᠋ᠤ ᠤᠯᠠᠨ ᠤᠳᠠᠭ᠎ᠠ ᠲᠤᠬᠢᠷᠠᠭᠤᠯᠤᠯᠳᠠ ᠬᠢᠭᠰᠡᠨ ᠤ ᠲᠠᠷᠠᠭ᠎ᠠ 2016 ᠤᠨ ᠪᠤᠯᠬᠤ ᠳ᠋ᠤ ᠨᠡᠶ᠋ᠢᠳᠡ 14 ᠰᠤᠮᠤ ᠂ ᠰᠢᠶᠠᠩ ᠂ ᠪᠠᠯᠭᠠᠰᠤ ᠂ 2 ᠵᠡᠭᠡᠯᠢ ᠭᠤᠳᠤᠮᠵᠢ ᠶ᠋ᠢᠨ ᠭᠡᠷᠡᠭ ᠡᠷᠬᠢᠯᠡᠬᠦ ᠭᠠᠵᠠᠷ ᠪᠤᠯᠭᠠᠨ ᠬᠤᠪᠢᠶᠠᠭᠰᠠᠨ ᠪᠠᠶ᠋ᠢᠨ᠎ᠠ ᠃ ᠲᠠᠷᠤᠢ ᠪᠠᠶᠬᠠᠦ᠋ᠨᠳᠤᠷ ᠂ ᠬᠠᠨᠰᠦ᠋ᠮ᠎ᠡ ᠂ ᠰᠠᠶ᠋ᠢᠬᠠᠨᠳᠠᠯᠠ ᠂ ᠪᠠᠯᠴᠢᠷᠤᠳ ᠵᠡᠷᠭᠡ 4 ᠰᠤᠮᠤ ᠂ ᠰᠢᠨ ᠮᠢᠨ ᠂ ᠰᠢᠶᠠᠨ ᠹᠧᠩ ᠂ ᠤᠯᠠᠭᠠᠨᠬᠠᠳᠠ ᠵᠡᠷᠭᠡ 3 ᠰᠢᠶᠠᠩ ᠂ ᠴᠢᠪᠠᠭ᠎ᠠ ᠂ ᠬᠤᠨᠳᠤ ᠂ ᠱᠤᠸᠠᠩ ᠱᠧᠩ ᠂ ᠲᠢᠶᠠᠨᠱᠠᠨᠺᠸᠤ ᠂ ᠱᠤᠤ ᠂ ᠪᠠᠶᠠᠨᠬᠤᠸᠠ ᠂ ᠵᠢᠭᠠᠰᠤᠳᠠᠢ ᠵᠡᠷᠭᠡ 7 ᠪᠠᠯᠭᠠᠰᠤ ᠂ ᠡᠤᠤ ᠮᠦᠷᠡᠨ ᠂ ᠬᠠᠨ ᠠᠭᠤᠯᠠ ᠵᠡᠷᠭᠡ 2 ᠵᠡᠭᠡᠯᠢ ᠭᠤᠳᠤᠮᠵᠢ ᠶ᠋ᠢᠨ ᠬᠡᠷᠡᠭ ᠡᠷᠬᠢᠯᠡᠬᠦ ᠭᠠᠵᠠᠷ ᠲᠠᠢ ᠮᠤᠩᠭᠤᠯ ᠦᠨᠳᠤᠰᠤᠳᠡᠨ ᠢᠶᠠᠷ ᠭᠤᠤᠯ ᠴᠤᠭᠴᠠ ᠪᠤᠯᠭᠠᠭᠰᠠᠨ ᠬᠤᠰᠢᠭᠤ ᠪᠤᠯᠤᠨ᠎ᠠ ᠃ ᠠᠷᠤ ᠬᠤᠷᠴᠢᠨ ᠬᠤᠰᠢᠭᠤ ᠪᠠᠶ᠋ᠢᠭᠤᠯᠤᠭᠳᠠᠭᠰᠠᠨ ᠤ ᠲᠠᠷᠠᠭ᠎ᠠ ᠬᠠᠮᠤᠭ ᠠᠩᠬᠠᠨ ᠤ ᠬᠤᠰᠢᠭᠤ ᠵᠠᠰᠠᠭ ᠨᠤᠶᠠᠨ ᠨᠢ ᠲᠠᠯᠠᠢ ᠴᠦᠬᠦᠷ ᠂ ᠮᠤᠵᠠᠩ ᠡᠴᠢᠭᠡ ᠬᠦᠤ ᠬᠤᠶᠠᠷ ᠂ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠪᠠᠶ᠋ᠢᠭᠤᠯᠤᠭᠳᠠᠠᠠᠰᠠᠨ ᠤ ᠲᠠᠷᠠᠭᠠᠬᠢ ᠠᠩᠬᠠᠨ ᠤ ᠬᠤᠰᠢᠭᠤ ᠲᠠᠷᠤᠭ᠎ᠠ ᠨᠢ ᠰᠤᠳᠨᠠᠮᠳᠤᠪ ᠂ ᠰᠢᠨ᠎ᠡ ᠲᠤᠮᠳᠠᠳᠤ ᠤᠯᠤᠰ ᠪᠠᠶ᠋ᠢᠭᠤᠯᠤᠭᠳᠠᠭᠰᠠᠨ ᠤ ᠲᠠᠷᠠᠭ᠎ᠠ ᠠᠩᠬᠠᠨ ᠤ ᠬᠤᠰᠢᠭᠤ ᠲᠠᠷᠤᠭ᠎ᠠ ᠨᠢ ᠠᠯᠢᠨ ︵ ᠬᠠᠰᠳᠤᠷᠵᠢ ︶ ᠪᠤᠯᠤᠨ᠎ᠠ ᠃
1634 ᠤᠨ ᠳ᠋ᠤ ᠬᠤᠰᠢᠭᠤ ᠪᠠᠶ᠋ᠢᠭᠤᠯᠤᠭᠳᠠᠭᠰᠠᠨ ᠡᠴᠠ ᠨᠠᠰᠢ ᠤᠳᠤ ᠪᠤᠯᠳᠠᠯ᠎ᠠ ᠠᠷᠤ ᠬᠤᠷᠴᠢᠨ ᠬᠤᠰᠢᠭᠤᠨ ᠤ ᠵᠠᠰᠠᠭ ᠸᠠᠩ ︵ ᠪᠡᠶ᠋ᠢᠯᠡ ᠂ ᠪᠡᠶ᠋ᠢᠰᠡ ᠂ ᠵᠢᠶᠦ᠋ᠨ ᠸᠠᠩ ᠂ ᠳ᠋ᠠ ᠸᠠᠩ ︶ ᠬᠢᠭᠡᠳ ᠬᠤᠰᠢᠭᠤᠨ ᠲᠠᠷᠤᠭ᠎ᠠ ᠨᠠᠷ ᠭᠡᠪᠡᠯ ᠄ ᠴᠢᠩ ᠤᠯᠤᠰ ᠤᠨ ᠦᠶ᠎ᠡ ᠳ᠋ᠤ 1634 - 1916 ᠤᠨ ᠪᠤᠯᠳᠠᠯ᠎ᠠ ᠲᠠᠯᠠᠢ ᠴᠦᠭᠦᠷ ᠂ ᠮᠤᠵᠠᠩ ᠪᠡᠶ᠋ᠢᠰᠡ ᠂ ᠵᠤᠯᠵᠠᠭᠠᠨ ᠵᠢᠶᠦ᠋ᠨ ᠸᠠᠩ ᠂ ᠰᠡᠷᠡᠩ ᠵᠢᠶᠦ᠋ᠨ ᠸᠠᠩ ᠂ ᠴᠦᠶᠢ ᠵᠢᠶᠦ᠋ᠨ ᠸᠠᠩ ᠂ ᠮᠤᠨᠢᠩ ᠪᠡᠶ᠋ᠢᠯᠡ ᠂ ᠸᠠᠩᠵᠢᠯ ᠪᠡᠶ᠋ᠢᠯᠡ ᠂ ᠲᠠᠭᠳᠠᠨᠸᠠᠩᠴᠤᠭ ᠪᠡᠶ᠋ᠢᠯᠡ ᠂ ᠠᠷᠲᠠᠰᠢᠳᠢ ᠪᠡᠶ᠋ᠢᠯᠡ ᠂ ᠲᠤᠷᠵᠢᠫᠠᠯᠮᠤ ᠪᠡᠶ᠋ᠢᠯᠡ ᠂ ᠲᠠᠨᠵᠢᠨᠪᠠᠯᠰᠠᠩ ᠪᠡᠶ᠋ᠢᠯᠡ ᠂ ᠵᠠᠮᠢᠶᠠᠨᠸᠠᠩᠴᠤᠭ ᠪᠡᠶ᠋ᠢᠯᠡ ᠂ ᠷᠠᠰᠢᠵᠦᠩᠨᠠᠢ ᠪᠡᠶ᠋ᠢᠯᠡ ᠂ ᠪᠠᠽᠠᠷᠭᠠᠷᠤᠳᠢ ᠵᠢᠶᠦ᠋ᠨ ᠸᠠᠩ ᠵᠡᠷᠭᠡ ᠠᠷᠪᠠᠨ ᠨᠢᠭᠡᠨ ᠦᠶ᠎ᠡ ᠶ᠋ᠢᠨ ᠠᠷᠪᠠᠨ ᠲᠦᠷᠪᠡᠨ ᠬᠦᠮᠤᠨ ᠬᠤᠰᠢᠭᠤᠨ ᠵᠠᠰᠠᠭ ᠨᠤᠶᠠᠨ ᠰᠠᠭᠤᠪᠠ ᠃ ᠢᠷᠭᠡᠨ ᠤᠯᠤᠰ ᠤᠨ ᠦᠶ᠎ᠡ ︵ ᠬᠠᠭᠤᠷᠮᠠᠭ ᠮᠠᠨᠵᠤ ᠶ᠋ᠢᠨ ᠦᠶ᠎ᠡ ᠶ᠋ᠢ ᠴᠦ ᠪᠠᠭᠳᠠᠭᠠᠵᠤ ᠪᠤᠢ ︶ ᠳ᠋ᠤ ᠂ 1916 ᠤᠨ ᠡᠴᠠ 1941 ᠤᠨ ᠪᠤᠯᠳᠠᠯ᠎ᠠ ᠬᠠᠪᠤᠳᠤ ᠬᠠᠰᠠᠷ ᠤᠨ ᠬᠤᠷᠢᠨ ᠨᠠᠢᠮᠠᠳᠤᠭᠠᠷ ᠦᠶ᠎ᠡ ᠶ᠋ᠢᠨ ᠬᠤᠶ᠋ᠢᠴᠢᠰ ᠸᠠᠩᠴᠢᠨᠫᠧᠷᠯᠠᠢ ᠲᠦᠰᠢᠶ᠎ᠡ ᠭᠦᠩ ᠬᠤᠰᠢᠭᠤ ᠵᠠᠰᠠᠭ ᠨᠤᠶᠠᠨ ᠰᠠᠭᠤᠪᠠ ᠃ 1941 ᠤᠨ ᠡᠴᠠ 1949 ᠤᠨ ᠪᠤᠯᠳᠠᠯ᠎ᠠ ᠤᠤᠯ ᠤᠨ ᠬᠤᠰᠢᠭᠤ ᠲᠤᠰᠠᠯᠠᠭᠴᠢ ᠶ᠋ᠢᠨ ᠬᠡᠷᠭᠡᠮ ᠳ᠋ᠤ ᠪᠠᠶ᠋ᠢᠭᠰᠠᠨ ᠰᠤᠳᠨᠠᠮᠳᠤᠪ ᠬᠤᠰᠢᠭᠤᠨ ᠲᠠᠷᠤᠭ᠎ᠠ ᠰᠠᠭᠤᠪᠠ ᠃ ︵ ᠰ ᠂ ᠵᠠᠮᠢᠶᠠᠨ ︶
16 0