ᠦᠨᠳᠦᠷ ᠬᠡᠪ ᠪᠤᠯᠪᠠᠰᠤᠷᠠᠯ ᠴᠢᠬᠤᠯᠠ
ᠦᠨᠳᠦᠷ ᠬᠤᠪᠢ ᠨᠢ ᠦᠨᠳᠦᠷ ᠬᠡᠪ ᠪᠤᠯᠪᠠᠰᠤᠷᠠᠯ ᠳ᠋ᠤ ᠬᠦᠷᠭᠦ ᠦᠬᠡᠢ
13674
2019-06-23 21:18
发表于:内蒙古
ᠦᠨᠳᠦᠷ ᠬᠤᠪᠢ ᠡᠴᠡ ᠦᠨᠳᠦᠷ ᠬᠡᠪ ᠴᠢᠨᠠᠷ ᠲᠠᠢ ᠨᠢ ᠲᠡᠭᠡᠷ᠎ᠡ
ᠡᠨᠡ ᠡᠳᠦᠷ ᠴᠤᠮᠤᠷᠯᠢᠭ ᠲᠦᠭᠦᠷᠡᠩ ᠦᠨᠳᠦᠷ ᠬᠤᠪᠢ ᠤᠯᠤᠭᠰᠠᠨ ᠬᠡᠦᠬᠡᠳ ᠲᠤ ᠤᠷᠮ᠎ᠠ ᠦᠭᠴᠦ ᠂ ᠪᠠᠶᠠᠷ ᠬᠦᠷᠭᠡᠵᠦ ᠯᠡ ᠪᠠᠢᠢᠨ᠎ᠠ ᠃ ᠲᠤᠤᠷ᠎ᠠ ᠬᠤᠪᠢ ᠤᠯᠤᠭᠰᠠᠨ ᠬᠡᠦᠬᠡᠳ ᠢ ᠤᠪᠠᠢᠢᠨ ᠳ᠋ᠦ ᠠᠪᠴᠦ ᠪᠠᠢᠢᠭ᠎ᠠ ᠬᠦᠮᠦᠰ ᠦᠭᠡᠢ ᠰᠢᠭ ᠪᠦᠭᠡᠳ ᠲᠡᠷᠡ ᠬᠡᠦᠬᠡᠳ ᠴᠦ ᠭᠤᠨᠢᠵᠤ ᠭᠤᠳᠤᠵᠤ ᠪᠠᠢᠢᠭ᠎ᠠ ᠨᠢ ᠴᠦ ᠦᠨᠡᠨ ᠮᠠᠭᠠᠳ ᠲᠠᠢ ᠃
ᠮᠢᠨᠤ ᠬᠤᠪᠢ ᠬᠦᠮᠦᠨ ᠦ ᠪᠤᠳᠤᠯ ᠳ᠋ᠤ ᠂ ᠦᠨᠳᠦᠷ ᠬᠤᠪᠢ ᠶᠢᠨ ᠬᠢᠷᠢ ᠪᠦᠳᠦᠮᠵᠢ ᠡᠴᠡ ᠦᠨᠳᠦᠷ ᠬᠡᠪ ᠪᠤᠯᠪᠠᠰᠤᠷᠠᠯ ᠲᠠᠢ ᠂ ᠬᠨᠷᠢᠭᠤᠴᠠᠯᠭᠠᠳᠤ ᠰᠡᠳᠭᠢᠯᠭᠡ ᠲᠠᠢ ᠂ ᠠᠯᠤᠰ ᠬᠡᠳᠦ ᠶᠢᠨ ᠡᠷᠢᠯ ᠬᠦᠰᠡᠯ ᠲᠠᠢ ᠂ ᠬᠦᠮᠦᠨ ᠮᠦᠰᠦ ᠪᠡᠨ ᠲᠡᠭᠡᠳᠦᠯᠡᠳᠡᠭ ᠂ ᠲᠡᠭᠡᠳᠦᠰ ᠦᠨ ᠦᠦᠭᠡ ᠲᠡᠦᠬᠡ ᠪᠡᠨ ᠮᠡᠳᠡᠳᠡᠭ ᠂ ᠦᠨᠳᠦᠰᠦᠳᠡᠨ ᠳ᠋ᠡᠬᠡᠨ ᠬᠠᠢᠢᠷ᠎ᠠ ᠬᠠᠯᠠᠮᠵᠢ ᠲᠠᠢ ᠂ ᠪᠤᠰᠤᠳ ᠤᠨ ᠲᠦᠯᠦᠭᠡ ᠪᠤᠳᠤᠯᠬᠢᠯᠠᠬᠤ ᠰᠡᠳᠬᠢᠴᠡ ᠲᠠᠢ ᠪᠠᠢᠢᠬᠤ ᠨᠢ ᠬᠠᠷᠢᠨ ᠬᠠᠪᠢ ᠦᠭᠡᠢ ᠲᠡᠭᠡᠷ᠎ᠡ ᠰᠢᠭ ᠳ᠋ᠠ ᠃
ᠭᠠᠳᠠᠷ ᠮᠤᠵᠢ ᠤᠷᠤᠨ ᠤ ᠨᠡᠷᠡᠳᠦ ᠶᠡᠬᠡ ᠰᠤᠷᠭᠠᠭᠤᠯᠢ ᠳᠤ ᠰᠤᠷᠴᠤ ᠰᠤᠳᠤᠯᠳᠠᠭ ᠤᠶᠤᠳᠠᠨ ᠡᠷᠳᠡᠮᠳᠡᠨ ᠵᠠᠯᠠᠭᠤᠰ ᠮᠢᠨᠢ ᠡᠭᠡ ᠤᠷᠤᠨ ᠳ᠋ᠠᠭᠠᠨ ᠪᠤᠴᠠᠨ ᠢᠷᠡᠳᠡᠭ ᠨᠢ ᠬᠡᠳᠦ ᠪᠠᠢᠢᠨ᠎ᠠ ︖ ᠬᠡᠨ ᠴᠦ ᠬᠡᠯᠡᠵᠤ ᠮᠡᠳᠡᠭᠦ ᠦᠬᠡᠢ ᠃ ᠬᠠᠷᠢᠨ ᠲᠤᠤᠷ᠎ᠠ ᠬᠤᠪᠢ ᠠᠪᠴᠤ ᠭᠠᠳᠠᠷ ᠮᠤᠵᠢ ᠤᠷᠤᠨ ᠳ᠋ᠤ ᠶᠠᠪᠤᠵᠤ ᠴᠢᠳᠠᠭ᠎ᠠ ᠦᠬᠡᠢ ᠵᠠᠯᠠᠭᠤᠰ ᠮᠢᠨᠢ ᠨᠤᠳᠤᠭ ᠤᠰᠤᠨ ᠤ ᠪᠠᠨ ᠪᠦᠳᠦᠭᠡᠨ ᠪᠠᠢᠢᠭᠤᠯᠤᠯᠳᠠ ᠪᠤᠯᠤᠨ ᠬᠠᠮᠠᠭᠠᠯᠠᠯᠳᠠ ᠳᠤ ᠬᠦᠴᠦᠨ ᠵᠢᠳᠭᠦᠯ ᠢᠶᠡᠨ ᠭᠠᠷᠭᠠᠵᠦ ᠮᠡᠳᠡᠨ᠎ᠡ ᠃
ᠲᠡᠳᠡᠭᠡᠷ ᠦᠨᠳᠦᠷ ᠬᠤᠪᠢ ᠶᠢᠨ ᠡᠵᠡᠳ ᠮᠠᠨᠢ ᠂ ᠬᠦᠮᠦᠨ ᠦ ᠨᠤᠳᠤᠭ ᠬᠦᠨᠳᠡᠯᠡᠨ ᠦ ᠭᠠᠵᠠᠷ ᠲᠡᠨᠦᠵᠦ ᠵᠦᠨᠦᠵᠦ ᠶᠠᠪᠤᠬᠤ ᠳ᠋ᠠᠭᠠᠨ ᠡᠭᠡ ᠨᠤᠳᠤᠭ ᠡᠯᠢᠭᠡᠨ ᠰᠠᠳᠤᠨ ᠢᠶᠠᠨ ᠲᠤᠷᠠᠰᠬᠤ ᠴᠦ ᠦᠭᠡᠢ ᠪᠠᠢᠢᠵᠤ ᠂ ᠨᠠᠩᠭᠢᠶᠠᠳ ᠤᠨ ᠡᠷᠡᠤ ᠴᠢᠷᠠᠢ ᠲᠤᠤᠷ᠎ᠠ ᠰᠢᠨᠠᠭ᠎ᠠ ᠲᠤᠰᠴᠤ ᠲᠤᠤᠭᠤᠷ ᠬᠠᠷᠠᠵᠤ ᠲᠤᠷᠤᠢ ᠲᠤᠤᠭᠠᠷᠴᠦ ᠶᠠᠪᠤᠬᠤ ᠳ᠋ᠠᠭᠠᠨ ᠠᠮᠢᠳᠦ ᠶᠠᠪᠤᠪᠠᠯ ᠠᠯᠳᠠᠨ ᠠᠶᠠᠭ᠎ᠠ ᠡᠴᠡ ᠤᠰᠤ ᠤᠤᠭᠤᠨ᠎ᠠ ᠭᠡᠵᠦ ᠦᠭᠦᠨ ᠵᠤᠪᠠᠨ ᠵᠢᠳᠭᠦᠭᠡᠳ ᠡᠴᠦᠰ ᠲᠤ ᠡᠯᠵᠢᠭᠡ ᠴᠦ ᠦᠭᠡᠢ ᠂ ᠭᠤᠷᠪᠠᠨ ᠯᠠᠩ ᠴᠦ ᠦᠭᠡᠢ ᠭᠤᠢᠢᠷᠠᠨᠴᠢ ᠰᠢᠬ ᠪᠤᠯᠵᠤ ᠮᠡᠳᠡᠨ᠎ᠡ ᠃
ᠬᠡᠯᠡᠯᠭᠡᠨ ᠦᠭᠡᠢ ᠂ ᠬᠡᠯᠡ ᠪᠡᠨ ᠬᠠᠶᠠᠵᠤ ᠂ ᠨᠤᠳᠤᠭ ᠢᠶᠠᠨ ᠭᠤᠯᠤᠵᠦ ᠂ ᠦᠨᠳᠦᠰᠦ ᠤᠬᠰᠠᠭ᠎ᠠ ᠡᠴᠡ ᠪᠡᠨ ᠤᠷᠪᠠᠨ ᠲᠡᠷᠰᠯᠡᠵᠤ ᠂ ᠬᠠᠢᠢᠯᠤᠭᠳᠠᠵᠤ ᠤᠰᠠᠳᠤᠨ ᠨᠡᠷ᠎ᠡ ᠤᠪᠤᠭ ᠢᠶᠠᠨ ᠬᠦᠷᠳᠡᠯ᠎ᠡ ᠬᠠᠯᠠᠵᠤ ᠂ ᠨᠠᠩᠭᠢᠶᠠᠳ ᠬᠤᠶᠠᠳᠤᠭᠠᠷ ᠪᠤᠯᠵᠤ ᠂ ᠬᠦᠮᠦᠨ ᠲᠠᠨᠢᠬᠤ ᠦᠭᠡᠢ ᠰᠡᠭᠰᠡᠯᠵᠡᠵᠦ ᠂ ᠬᠠᠷ᠎ᠠ ᠬᠢᠳᠠᠳ ᠤᠨ ᠡᠪᠦᠷ ᠲᠦ ᠡᠷᠯᠢᠵᠡ ᠬᠡᠦᠭᠡᠳ ᠢᠶᠡᠨ ᠤᠷᠢᠯᠠᠭᠤᠯᠵᠤ ᠨᠢᠭᠡᠮᠦᠰᠦᠨ ᠪᠠᠯᠠᠷᠠᠵᠤ ᠴᠦ ᠮᠡᠳᠡᠨ᠎ᠡ ᠭᠡᠳᠡᠭ ᠲᠦ ᠰᠠᠨᠠᠭ᠎ᠠ ᠪᠤᠯᠳᠠᠬ ᠦᠬᠡᠢ ᠨᠢ ᠬᠠᠴᠢᠨ ︕ ᠰᠤᠨᠢᠨ ᠬᠠᠴᠢᠨ ᠴᠠᠭ ᠂ ᠰᠤᠴᠢᠯ
ᠭᠠᠢᠢᠬᠠᠯ ᠦᠬᠡᠢ ᠬᠦᠮᠦᠰ ᠮᠢᠨᠢ ᠃
4 0