ᠭᠠᠷ ᠤᠳᠠᠰᠣ ᠪᠠ ᠺᠣᠮᠫᠢᠣᠲ᠋ᠸᠷ
ᠰᠢᠯᠦᠭ ᠠᠮᠳᠠᠷᠬᠠᠨ ᠪᠢᠴᠢᠵᠦ ᠰᠠᠭᠣᠬᠤ ᠨᠢ ᠰᠦᠷᠳᠠᠢ ᠰᠠᠠᠢᠬᠠᠨ ᠪᠣᠳᠣᠭᠳᠠᠨ᠎ᠠ ᠃
1220
2023-02-01 16:55
发表于:内蒙古
ᠭᠠᠷ ᠤᠲᠠᠰᠤ ᠪᠠ ᠺᠣᠮᠫᠢᠦ᠋ᠲ᠋ᠧᠷ
︱ ᠪ ᠂ ᠷᠢᠨᠴᠢᠨ
1·
ᠭᠠᠷ ᠤᠲᠠᠰᠤ ᠢ᠌᠌ᠨ ᠰᠥᠨᠢ ᠢ᠌᠌ᠨ ᠴᠠᠭᠠᠨ ᠬᠡᠷᠡᠯ
ᠦᠷᠪᠢᠰᠦᠯ᠂ ᠲᠠᠷᠢᠬᠢᠨ ᠤ ᠡᠰ ᠤᠨ ᠢᠷᠳᠦ ᠬᠢᠳᠤᠭ᠎ᠠ᠂
ᠬᠥᠮᠥᠨ ᠵᠤᠨ ᠪ ᠠᠵᠠ ᠵᠣᠯ ᠤᠨ ᠨᠦᠭᠴᠡᠬᠡ ᠬᠥᠨᠥᠭᠡᠯ
ᠦᠷᠳᠦᠭᠰᠡᠳ ᠠᠮᠢ ᠪᠡᠨ ᠠᠯᠳᠠᠬᠤ ᠨᠣᠷᠮ᠎ᠠ ᠥᠨᠳᠥᠷ᠃
ᠭᠠᠷ ᠤᠲᠠᠰᠤ ᠭᠠᠳᠠᠭᠠᠳᠤ ᠢ᠌᠌ᠨ ᠰᠤᠳᠤᠯᠭᠠᠨ ᠳ᠋ᠦ᠍
ᠪᠦᠳᠡᠭᠢ ᠤᠯᠠᠭᠠᠨ ᠬᠡᠷᠡᠯ᠂ ᠪᠦᠳᠡᠭᠢ ᠴᠠᠭᠠᠨ ᠬᠡᠷᠡᠯ᠂
ᠬᠠᠷᠠᠩᠭᠤᠢ ᠢ᠌᠌ᠨ ᠳᠤᠮᠳᠠ ᠰᠥᠨᠢ ᠦᠨᠵᠢᠬᠡᠵᠦ᠍
ᠲᠤᠯᠤᠭᠠᠨ ᠰᠥᠨᠢ ᠳ᠋ᠦ᠍ ᠬᠣᠤᠷᠡ ᠢ᠌᠌ᠨ ᠲᠤᠯᠤᠮ᠃
ᠭᠠᠷ ᠤᠲᠠᠰᠤ ᠢ᠌᠌ᠨ ᠰᠥᠨᠢ ᠢ᠌᠌ᠨ ᠴᠠᠭᠠᠨ ᠬᠡᠷᠡᠯ ᠭᠡᠭᠴᠢ
ᠶᠡᠬᠡ ᠲᠡᠷᠢᠬᠢᠨ ᠪ ᠴᠡᠭᠡᠵᠢᠯᠡᠬᠦ᠌ ᠴᠢᠳᠠᠪᠤᠷᠢ ᠳ᠋ᠦ᠍
ᠬᠥᠯ ᠣᠷᠭᠣᠭᠰᠠᠨ ᠬᠥᠨᠳᠡᠯᠡᠨ ᠳᠠᠢᠰᠤᠨ᠂
ᠬᠤᠷᠴᠠ ᠦᠷᠪᠢᠰᠦᠯ ᠤᠨ ᠤᠷᠪᠠᠯ ᠡᠭᠦᠰᠭᠡᠵᠦ᠍
ᠡᠷᠡᠭᠦᠯ ᠪᠡᠶ᠎ᠡ ᠳ᠋ᠦ᠍ ᠠᠷᠬᠠᠭ ᠭᠡᠮ ᠲᠠᠷᠢᠨ᠎ᠠ᠃
2·
ᠺᠣᠮᠫᠢᠦ᠋ᠲ᠋ᠧᠷ ᠣᠳᠣᠬᠢᠴᠢᠯᠠᠭᠰᠠᠨ ᠲᠸᠭᠨᠢᠭ ᠮᠡᠷᠭᠡᠵᠢᠯ
ᠣᠭᠳᠠᠷᠭᠣᠢ ᠳ᠋ᠦ᠍ ᠲᠦᠬᠡᠭᠰᠡᠨ ᠲᠡᠭᠦᠰ ᠪᠦᠷᠢᠨ᠂
ᠬᠡᠦᠬᠡᠳ ᠵᠠᠯᠠᠭᠤᠰ ᠤᠨ ᠬᠠᠷᠠᠭ᠎ᠠ ᠠᠯᠳᠠᠬᠤ ᠬᠠᠮᠠᠭᠤ
ᠭᠦᠬᠡᠷᠦᠭᠦᠨ ᠨᠠᠬᠢᠶ᠎ᠡ ᠵᠢ ᠴᠤ᠌ ᠰᠦᠢᠳᠭᠡᠬᠦ᠌ ᠲᠣᠯᠢ᠃
ᠺᠣᠮᠫᠢᠦ᠋ᠲ᠋ᠧᠷ ᠤᠨ ᠰᠠᠴᠤᠷᠠᠭ᠂ ᠬᠡᠷᠡᠯ ᠭᠢᠯᠪᠠᠭ᠎ᠠ
ᠨᠢᠯᠬ᠎ᠠ ᠪᠠᠭ᠎ᠠ ᠢ᠌᠌ᠨ ᠬᠠᠷᠠᠭ᠎ᠠ ᠪᠣᠢᠵᠢᠯᠳᠡ ᠳ᠋ᠦ᠍᠂
ᠶᠠᠷᠢᠬᠤ ᠢ᠌᠌ᠨ ᠠᠷᠭ᠎ᠠ ᠦᠭᠡᠢ ᠨᠥᠯᠥᠭᠡ ᠲᠠᠢ
ᠶᠠᠩ ᠳ᠋ᠠᠢ ᠲᠠᠢ ᠶᠠᠷᠭᠠᠴᠢᠨ ᠨᠢ ᠲᠡᠷᠡ ᠬᠡᠮ᠃
ᠺᠣᠮᠫᠢᠦ᠋ᠲ᠋ᠧᠷ ᠂ ᠮᠡᠳᠡᠭᠡ ᠵᠠᠩᠭᠢ ᠂ ᠰᠦᠯᠵᠢᠶ᠎ᠡ
ᠬᠣᠯᠠ ᠣᠢᠷ᠎ᠠ ᠢ᠌᠌ᠨ ᠬᠤᠪᠢᠯᠭᠠᠨ ᠬᠦᠯᠦᠭ ᠴᠤ᠌᠂
ᠥᠰᠪᠦᠷᠢ ᠢ᠌᠌ᠨ ᠪᠠᠭᠠᠴᠣᠳ ᠬᠥᠮᠥᠰ ᠮᠢᠨᠢ
ᠬᠠᠷᠠᠭ᠎ᠠ ᠪᠡᠨ ᠬᠠᠮᠠᠭᠠᠯᠠᠬᠤ ᠬᠠᠮᠤᠭ ᠳᠡᠭᠡᠳᠦ᠃
3·
ᠭᠠᠷ ᠤᠲᠠᠰᠤ᠂ ᠺᠣᠮᠫᠢᠦ᠋ᠲ᠋ᠧᠷ
ᠭᠠᠷ ᠬᠣᠯᠪᠤᠭᠰᠠᠨ ᠬᠣᠶᠠᠷ᠂
ᠭᠠᠨᠵᠤᠭ᠎ᠠ ᠳᠦᠭᠦᠷᠡᠩ ᠤᠬᠠᠭᠠᠨ
ᠭᠠᠵᠠᠷ ᠰᠠᠢ ᠢ᠌᠌ᠨ ᠬᠣᠯᠪᠣᠭ᠎ᠠ᠃
ᠺᠣᠮᠫᠢᠦ᠋ᠲ᠋ᠧᠷ᠂ ᠭᠠᠷ ᠤᠲᠠᠰᠤ
ᠬᠥᠮᠥᠨ ᠲᠦᠷᠦᠯᠬᠢᠳᠡᠨ ᠦ ᠭᠠᠢᠬᠠᠮᠱᠢᠭ᠂
ᠰᠢᠨ᠎ᠡ ᠦᠶ᠎ᠡ ᠢ᠌᠌ᠨ ᠡᠭᠦᠳᠦᠯᠳᠡ
ᠰᠢᠨᠵᠢᠯᠡᠬᠦ᠌ ᠤᠬᠠᠭᠠᠨ ᠤ ᠣᠪᠢᠳᠡᠰ᠃
ᠭᠠᠷ ᠤᠲᠠᠰᠤ᠂ ᠺᠣᠮᠫᠢᠦ᠋ᠲ᠋ᠧᠷ
ᠰᠢᠨᠵᠢᠯᠡᠬᠦ᠌ ᠮᠡᠷᠬᠡᠵᠢᠯᠳᠡᠨ ᠦ ᠭᠠᠷ ᠠᠪᠤᠯᠲᠠ᠂
ᠰᠢᠯᠢᠷᠡᠰᠢ ᠦᠭᠡᠢ ᠰᠢᠨᠡᠴᠢᠯᠡᠯᠳᠡ
ᠰᠢᠨ᠎ᠡ ᠳᠤᠮᠳᠠᠳᠤ ᠢ᠌᠌ᠨ ᠣᠮᠣᠭᠰᠢᠯ᠃
ᠭᠦᠬᠡᠬᠣᠳᠠ ᠢ᠌᠌ᠨ ᠰᠢᠨ᠎ᠡ ᠬᠣᠲᠠ ᠲᠣᠭᠣᠷᠢᠭ
2023᠂2᠂1
12 0