ᠬᠠᠪᠤᠷ ︱ ᠪ᠂ ᠷᠢᠨᠴᠢᠨ
᠂ ᠬᠠᠪᠤᠷ ᠤᠨ ᠡᠳᠦᠷ
ᠬᠠᠭᠠᠰ ᠲᠠᠢ ᠬᠤᠭᠤᠰ ᠲᠠᠢ᠂
ᠬᠠᠳᠠᠮ ᠡᠬᠡ
ᠬᠠᠯᠠᠭᠤᠨ ᠲᠠᠢ ᠬᠦᠢᠲᠡᠨ ᠲᠠᠢ᠃
ᠬᠠᠪᠤᠷ ᠤᠨ ᠴᠢᠷᠠᠢ︱
ᠴᠠᠷᠠᠢ ᠮᠠᠭᠤᠲᠤ ᠢ᠌᠌ᠨ
ᠴᠢᠨᠠᠰᠠ ᠶᠡᠷᠦᠮᠳᠡᠭ᠂
ᠦᠰᠦ ᠨᠢ ᠣᠷᠳᠣ
ᠦᠵᠡᠯ ᠨᠢ ᠣᠬᠣᠷ᠃
︱ ᠰᠠᠩ ᠤᠨ ᠳᠠᠯᠠᠢ
1240
2023-03-01 08:26
发表于:内蒙古
ᠬᠠᠪᠤᠷ
︱ ᠪ᠂ ᠷᠢᠨᠴᠢᠨ
ᠬᠠᠪᠤᠷ︱
ᠭᠠᠳᠠᠩ ᠭᠣᠳᠣᠯ
ᠭᠠᠵᠠᠷ ᠬᠦᠨᠳᠦᠳᠡᠯᠡ᠃
ᠬᠠᠪᠤᠷ ᠤᠨ ᠠᠭᠤᠷ
ᠬᠠᠷᠢᠶᠠᠴᠠᠢ ᠲᠠᠢ ᠢᠷᠡᠯ᠎ᠡ᠃
ᠬᠠᠪᠤᠷ︱
ᠴᠠᠭ ᠴᠠᠭ ᠲᠠᠭᠠᠨ
ᠴᠠᠰᠤ ᠬᠠᠢᠯᠣᠯᠠ᠃
ᠴᠠᠰᠤᠨ ᠵᠠᠮ ᠴᠤ᠌
ᠴᠠᠭᠠᠷᠠᠨ ᠬᠠᠭᠵᠠᠷᠠᠯᠠ᠃
ᠬᠠᠪᠤᠷ︱
ᠡᠵᠡᠭᠦᠢ ᠲᠠᠯ᠎ᠠ ᠡ
ᠬᠤᠷ᠎ᠠ ᠤᠰᠤ ᠲᠠᠢ᠃
ᠡᠪᠡᠰᠦ ᠪᠡᠯᠴᠢᠭᠡᠷ
ᠦᠬᠡᠳᠡᠩ ᠬᠣᠷᠭᠣᠢ᠃
ᠬᠠᠪᠤᠷ︱
ᠦᠨᠢᠶ᠎ᠡ ᠢᠪᠡᠯᠡᠨ ᠮᠦᠬᠡᠷᠴᠣ
ᠤᠮᠪᠣᠤ ᠲᠣᠭᠣᠯ ᠲᠣᠭᠯᠠᠯ᠎ᠠ᠃
ᠬᠣᠨᠢ ᠬᠤᠷᠠᠭ᠎ᠠ ᠨᠠᠢᠯᠯᠳᠣᠨ
ᠬᠣᠲᠠ ᠣᠰᠣᠨ ᠳ᠋ᠦ᠍ ᠮᠠᠢᠯᠠᠯᠳᠤᠨᠠ᠃
ᠬᠠᠪᠤᠷ︱
ᠲᠥᠯ ᠤᠨ ᠴᠠᠭ
ᠲᠦᠮᠡᠨ ᠥᠯᠵᠡᠢ ᠲᠠᠢ᠃
ᠲᠣᠢᠭ ᠤᠨ ᠲᠠᠭᠤᠨ
ᠲᠣᠮᠣ ᠠᠰᠢᠭ ᠲᠠᠢ᠃
ᠬᠠᠪᠤᠷ︱
ᠬᠠᠪᠤᠷ ᠤᠨ ᠳᠤᠯᠠᠭᠠᠨ ᠳ᠋ᠦ᠍
ᠬᠠᠮᠤᠭ ᠴᠡᠴᠡᠭ ᠳᠡᠯᠭᠡᠷᠡᠯ᠎ᠡ᠃
ᠬᠠᠯᠠᠭᠤᠨ ᠪᠦᠯᠢᠶᠡᠨ ᠳ᠋ᠦ᠍
ᠬᠠᠨᠠᠭᠠᠷ ᠳᠡᠯᠡᠬᠡᠢ ᠬᠦᠬᠡᠷᠡᠯᠡ᠃
᠂ ᠬᠠᠪᠤᠷ ᠤᠨ ᠡᠳᠦᠷ
ᠬᠠᠭᠠᠰ ᠲᠠᠢ ᠬᠤᠭᠤᠰ ᠲᠠᠢ᠂
ᠬᠠᠳᠠᠮ ᠡᠬᠡ
ᠬᠠᠯᠠᠭᠤᠨ ᠲᠠᠢ ᠬᠦᠢᠲᠡᠨ ᠲᠠᠢ᠃
︱ ᠰᠠᠩ ᠤᠨ ᠳᠠᠯᠠᠢ
14 0