ᠪ ᠊ ᠣᠶᠢ᠍ᠳᠣᠪ : ᠦᠵᠡᠭᠴᠢᠳ ᠢᠶᠡᠨ ᠮᠡᠯᠮᠡᠷᠲᠡᠯᠡ ᠪᠦᠵᠢᠭ᠍ᠯᠡᠳᠡᠭ᠌ ᠬᠠᠰ - ᠣᠳᠤᠨ
ᠪ ᠊ ᠣᠶᠢ᠍ᠳᠣᠪ : ᠦᠵᠡᠭᠴᠢᠳ ᠢᠶᠡᠨ ᠮᠡᠯᠮᠡᠷᠲᠡᠯᠡ ᠪᠦᠵᠢᠭ᠍ᠯᠡᠳᠡᠭ᠌ ᠬᠠᠰ - ᠣᠳᠤᠨ
(《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-4)
9320
2018-12-18 08:05
发表于:内蒙古
ᠪ ᠊ ᠣᠶᠢ᠍ᠳᠣᠪ : ᠦᠵᠡᠭᠴᠢᠳ ᠢᠶᠡᠨ ᠮᠡᠯᠮᠡᠷᠲᠡᠯᠡ ᠪᠦᠵᠢᠭ᠍ᠯᠡᠳᠡᠭ᠌ ᠬᠠᠰ - ᠣᠳᠤᠨ
(《ᠮᠣᠩᠭᠣᠯ ᠲᠦᠮᠡᠨ ᠦ ᠪᠠᠬᠠᠷᠬᠠᠯᠳᠤ ᠡᠮᠡᠭᠲᠡᠶᠢᠴᠦᠳ》 ᠨᠣᠮ ᠳᠤ ᠣᠷᠣᠵᠤ ᠪᠤᠢ ᠴᠤᠪᠤᠷᠠᠯ ᠬᠥᠷᠥᠭ-4)
ᠪᠣᠳᠠᠲᠤ ᠪᠠ ᠳᠠᠭᠤᠷᠢᠶᠠᠬᠤ ᠤᠷᠠᠯᠢᠭ ᠪᠠᠶᠢᠬᠤ ᠶᠢᠨ ᠵᠡᠷᠭᠡᠴᠡᠭᠡ 《ᠡᠰᠡ ᠳᠠᠭᠤᠷᠢᠶᠠᠬᠤ ᠤᠷᠠᠯᠢᠭ》 ᠭᠡᠵᠦ ᠪᠠᠶᠢᠳᠠᠭ᠃ ᠪᠢᠳᠡᠨ ᠦ ᠮᠡᠳᠡᠯᠭᠡ ᠶᠢᠨ ᠬᠦᠷᠢᠶ᠎ᠡ ᠵᠥᠪᠬᠡᠨ ᠷᠧᠠᠯᠢᠰᠮ ᠤᠨ ᠬᠦᠷᠢᠶᠡᠨ ᠳᠦ ᠡᠷᠭᠢᠯᠳᠦᠵᠦ᠂ ᠰᠡᠳᠬᠢᠯᠭᠡᠨ ᠦ ᠨᠢᠭᠡ ᠲᠠᠯ᠎ᠠ ᠶᠢ ᠰᠢᠲᠦᠨ ᠪᠢᠰᠢᠷᠡᠵᠦ ᠢᠷᠡᠭᠰᠡᠨ ᠨᠢ ᠡᠴᠦᠰ ᠲᠡᠭᠡᠨ ᠪᠣᠳᠣᠯ ᠰᠡᠳᠬᠢᠯ ᠢᠶᠡᠨ ᠪᠣᠭᠣᠮᠢᠯᠠᠭᠤᠯᠬᠤ ᠮᠤᠬᠤᠷᠳᠠᠮᠠᠯ ᠪᠠᠶᠢᠳᠠᠯ ᠳᠤ ᠬᠦᠷᠭᠡᠭᠰᠡᠨ ᠪᠢᠯᠡ᠃ ᠭᠡᠬᠦ ᠳᠦ ᠪᠡᠨ ᠡᠨᠡ ᠪᠠᠶᠢᠳᠠᠯ ᠠᠴᠠ ᠠᠩᠭᠢᠵᠢᠷᠠᠬᠤ ᠶᠢᠨ ᠲᠤᠯᠠᠳᠠ ᠵᠠᠷᠢᠮ ᠤᠷᠠᠨ ᠪᠦᠲᠦᠭᠡᠯᠴᠢ ᠬᠦᠮᠦᠰ ᠦᠨ ᠲᠡᠷᠡ ᠪᠦᠷᠢ ᠲᠥᠰᠥᠭᠡᠯᠡᠭᠡᠳ ᠪᠠᠶᠢᠳᠠᠭ ᠦᠭᠡᠢ ᠰᠡᠳᠬᠢᠯᠭᠡᠨ ᠦ ᠰᠢᠨ᠎ᠡ ᠡᠷᠡᠨ ᠦᠶ᠎ᠡ ᠶᠢ ᠨᠡᠭᠡᠭᠡᠬᠦ ᠨᠢ ᠪᠤᠢ᠃ ᠲᠡᠷᠡ ᠬᠦᠮᠦᠰ ᠦᠨ ᠨᠢᠭᠡ ᠨᠢ ᠣᠷᠳᠣᠰ ᠨᠤᠲᠤᠭ ᠤᠨ ᠦᠦᠰᠢᠨ ᠬᠣᠰᠢᠭᠤᠨ ᠠᠴᠠ ᠭᠠᠷᠤᠯ ᠲᠠᠢ ᠠᠯᠳᠠᠷᠲᠤ ᠪᠦᠵᠢᠭᠴᠢᠨ ᠬᠠᠰ-ᠣᠳᠣᠨ ᠪᠥᠭᠡᠳ ᠲᠡᠭᠦᠨ ᠲᠡᠢ ᠪᠢ ᠪᠡᠷ ᠬᠥᠬᠡ ᠬᠣᠲᠠ ᠳ᠋ᠤ ᠠᠭᠤᠯᠵᠠᠭᠰᠠᠨ ᠶᠤᠮ᠃
ᠥᠪᠥᠷ ᠮᠣᠩᠭᠣᠯ ᠤᠨ WeChat ᠍ ᠪᠠᠷ ᠤᠷᠤᠰᠤᠨ ᠪᠤᠢ ᠲᠡᠭᠦᠨ ᠦ ᠪᠢᠴᠢᠯᠭᠡ ᠶᠢ ᠰᠣᠨᠢᠷᠬᠠᠪᠠᠰᠤ ᠮᠣᠩᠭᠣᠯ ᠠᠷᠠᠳ ᠤᠨ ᠪᠦᠵᠢᠭ ᠲᠤ ᠰᠡᠳᠬᠢᠯᠭᠡᠨ ᠦ ᠰᠢᠨ᠎ᠡ ᠬᠡᠪ ᠮᠠᠶ᠋ᠢᠭ ᠣᠷᠣᠭᠤᠯᠤᠭᠰᠠᠨ ᠪᠠᠶᠢᠬᠤ ᠪᠥᠭᠡᠳ ᠤᠬᠠᠭᠠᠨ ᠳᠤ ᠪᠠᠨ ᠮᠣᠳᠧᠷᠨᠢ ᠪᠦᠵᠢᠭ ᠦᠨ ᠵᠠᠷᠢᠮ ᠡᠯᠧᠮᠧᠨᠲ ᠠᠵᠢᠭᠯᠠᠭᠳᠠᠨ᠎ᠠ᠃ ᠢᠩᠭᠢᠬᠦ ᠳᠦ ᠮᠣᠳᠧᠷᠨᠢ ᠪᠦᠵᠢᠭ ᠨᠢ ᠪᠠᠯᠧᠲ ᠤᠷᠠᠯᠢᠭ ᠤᠨ ᠡᠰᠡᠷᠭᠦᠴᠡᠯ ᠪᠣᠯᠵᠤ ᠭᠠᠷᠴᠤ ᠢᠷᠡᠵᠡᠢ᠃ ᠪᠠᠯᠧᠲ ᠤᠨ ᠤᠷᠠᠯᠢᠭ ᠲᠤ ᠬᠠᠲᠠᠭᠤ ᠳᠢᠭ ᠵᠢᠷᠤᠮ᠂ ᠱᠠᠲᠤᠯᠠᠨ ᠵᠠᠬᠢᠷᠬᠤ ᠶᠣᠰᠣ ᠵᠠᠶ᠋ᠢᠭ ᠲᠣᠭᠲᠠᠭᠰᠠᠨ ᠪᠠᠶᠢᠳᠠᠭ ᠪᠣᠯ ᠮᠣᠳᠧᠷᠨᠢ ᠪᠦᠵᠢᠭ ᠬᠤᠪᠢ ᠶᠢᠨ ᠣᠨᠴᠠᠯᠢᠭ ᠰᠢᠨᠵᠢ ᠳᠡᠭᠡᠷ᠎ᠡ ᠰᠠᠭᠤᠷᠢᠯᠠᠭᠰᠠᠨ ᠥᠪᠡᠷ ᠦᠨ ᠭᠡᠰᠡᠨ ᠹᠢᠯᠣᠰᠣᠹᠢ ᠲᠠᠢ᠃ ᠪᠦᠵᠢᠭᠴᠢᠨ ᠪᠦᠰᠡᠭᠦᠢ ᠬᠠᠰ-ᠣᠳᠣᠨ ᠤ ᠴᠢᠳᠠᠯ ᠴᠢᠨᠰᠠᠭ᠎ᠠ ᠴᠤᠬᠤᠮ ᠡᠨᠳᠡ ᠯᠠ ᠣᠷᠣᠰᠢᠨ᠎ᠠ᠃ ᠤᠴᠢᠷ ᠨᠢ ᠲᠡᠷᠡ ᠵᠥᠪᠬᠡᠨ ᠪᠦᠵᠢᠭᠴᠢᠨ ᠪᠢᠰᠢ᠂ ᠥᠪᠡᠷ ᠢᠶᠡᠨ ᠪᠦᠵᠢᠭ ᠢᠶᠡᠨ ᠳᠢᠭᠯᠡᠨ ᠨᠠᠶᠢᠷᠠᠭᠤᠯᠳᠠᠭ ᠭᠣᠴᠣ ᠠᠪᠢᠶᠠᠰ ᠲᠠᠢ᠃ ᠡᠭᠦᠪᠡᠷ ᠢᠶᠡᠨ ᠲᠡᠷᠡ ᠥᠪᠥᠷ ᠮᠣᠩᠭᠣᠯ ᠳᠤ ᠲᠡᠳᠦᠢ ᠦᠭᠡᠢ ᠳᠤᠮᠳᠠᠳᠤ ᠤᠯᠤᠰ ᠲᠤ ᠠᠯᠳᠠᠷᠲᠠᠢ᠃ ᠠᠯᠢ ᠴᠤ ᠲᠠᠯ᠎ᠠ ᠪᠠᠷ ᠢᠶᠠᠨ 《ᠨᠢᠭᠡᠳᠦᠭᠡᠷ ᠳᠡᠰ》 ᠯᠠ ᠭᠡᠵᠦ ᠶᠠᠷᠢᠨ᠎ᠠ᠃ ᠡᠨᠡ ᠨᠢ ᠮᠠᠨᠠᠶᠢᠬᠢ ᠪᠠᠷ ᠪᠣᠯ ᠠᠷᠠᠳ ᠤᠨ ᠵᠦᠴᠦᠭᠡᠴᠢᠨ ᠴᠣᠯᠠᠲᠠᠨ ᠲᠠᠢ ᠳᠦᠢᠵᠥ ᠣᠴᠢᠨ᠎ᠠ᠃ ᠶᠠᠮᠠᠷ ᠶᠠᠮᠠᠷ 《ᠳᠡᠰ》 ᠍ ᠢ ᠬᠡᠳᠦᠨ ᠨᠠᠰᠤᠨ ᠳᠤ ᠪᠠᠨ ᠬᠦᠷᠲᠡᠪᠡ ᠭᠡᠳᠡᠭ ᠢ ᠲᠣᠪᠴᠢᠶᠠᠯᠠᠪᠠᠰᠤ᠄
14 ᠨᠠᠰᠤᠨ ᠳᠤ ᠪᠠᠨ ᠥᠪᠥᠷ ᠮᠣᠩᠭᠣᠯ ᠤᠨ ᠪᠦᠬᠦ ᠠᠶᠢᠮᠠᠭ ᠤᠨ ᠨᠢᠭᠡᠳᠦᠭᠡᠷ ᠳᠡᠰ ᠦᠨ ᠱᠠᠩᠨᠠᠯ ᠬᠦᠷᠲᠡᠵᠦ᠂ 16 ᠨᠠᠰᠤᠨ ᠳᠤ ᠪᠠᠨ ᠥᠪᠡᠷᠲᠡᠭᠡᠨ ᠵᠠᠰᠠᠬᠤ ᠣᠷᠣᠨ ᠤ ᠨᠢᠭᠡᠳᠦᠭᠡᠷ ᠳᠡᠰ ᠦᠨ ᠪᠦᠵᠢᠭᠴᠢᠨ ᠪᠣᠯᠵᠠᠢ᠃ ᠴᠢᠩᠭᠢᠭᠡᠳ 22 ᠨᠠᠰᠤᠨ ᠳᠤ ᠪᠠᠨ ᠳᠤᠮᠳᠠᠳᠤ ᠤᠯᠤᠰ ᠤᠨ ᠨᠢᠭᠡᠳᠦᠭᠡᠷ ᠳᠡᠰ ᠦᠨ ᠪᠦᠵᠢᠭᠴᠢᠨ ᠪᠣᠯᠵᠤ᠂ ᠠᠷᠪᠠᠨ ᠵᠢᠯ ᠦᠨ ᠳᠠᠷᠠᠭ᠎ᠠ ᠪᠤᠶᠤ 32 ᠨᠠᠰᠤᠨ ᠳᠤ ᠪᠠᠨ ᠳᠤᠮᠳᠠᠳᠤ ᠤᠯᠤᠰ ᠤᠨ ᠨᠢᠭᠡᠳᠦᠭᠡᠷ ᠳᠡᠰ ᠦᠨ ᠪᠦᠵᠢᠭ ᠳᠢᠭᠯᠡᠭᠡᠴᠢ ᠪᠣᠯᠤᠭᠰᠠᠨ ᠪᠠᠶᠢᠨ᠎ᠠ᠃
ᠲᠡᠷᠪᠤᠮ ᠭᠠᠷᠤᠢ ᠬᠦᠮᠦᠨ ᠠᠮᠠ ᠲᠠᠢ ᠬᠢᠲᠠᠳ ᠬᠡᠮᠡᠬᠦ ᠠᠪᠤᠷᠭᠤ ᠲᠦᠮᠡ ᠭᠦᠷᠦᠨ ᠳᠦ ᠴᠡᠯ ᠵᠠᠯᠠᠭᠤ ᠪᠠᠷ ᠢᠶᠠᠨ ᠢᠩᠭᠢᠵᠦ ᠠᠯᠳᠠᠷᠰᠢᠬᠤ ᠨᠢ ᠬᠡᠨ ᠬᠦᠮᠦᠨ ᠦ ᠬᠢᠭᠡᠳ ᠪᠠᠶᠢᠳᠠᠭ ᠠᠵᠢᠯ ᠴᠤ ᠪᠢᠰᠢ᠂ ᠬᠦᠷᠦᠭᠡᠳ ᠪᠠᠶᠢᠳᠠᠭ ᠣᠷᠭᠢᠯ ᠴᠤ ᠪᠢᠰᠢ᠂ ᠬᠦᠰᠡᠭᠡᠳ ᠪᠡᠶᠡᠯᠡᠬᠦ ᠮᠥᠷᠥᠭᠡᠳᠦᠯ ᠴᠤ ᠪᠢᠰᠢ᠃ ᠡᠳᠦᠭᠡ 42 ᠨᠠᠰᠤᠲᠠᠢ ᠡᠨᠡ ᠪᠦᠰᠡᠭᠦᠢ ᠤᠷᠠᠨ ᠬᠡᠮᠨᠡᠯᠳᠦ ᠪᠦᠵᠢᠭ ᠦᠨ ᠲᠠᠶᠢᠰᠠᠨ᠎ᠠ ᠤᠳᠬ᠎ᠠ ᠲᠡᠭᠦᠯᠳᠡᠷ ᠭᠢᠯᠠᠯᠵᠠᠭᠰᠠᠭᠠᠷ ᠯᠠ ᠶᠠᠪᠤᠨ᠎ᠠ᠃ ᠢᠩᠭᠢᠵᠦ ᠲᠡᠷᠡ ᠭᠤᠴᠢᠭᠠᠳᠬᠠᠨ ᠨᠠᠰᠤᠨ ᠳᠤ ᠪᠠᠨ ᠪᠦᠬᠦ ᠬᠢᠲᠠᠳ ᠤᠨ ᠬᠠᠮᠤᠭ ᠤᠨ ᠳᠡᠭᠡᠳᠦ ᠴᠣᠯᠠ ᠤᠳ ᠢ ᠬᠦᠷᠲᠡᠵᠦ᠂ ᠴᠡᠯ ᠵᠠᠯᠠᠭᠤ ᠪᠠᠷ ᠢᠶᠠᠨ ᠠᠯᠳᠠᠷ ᠤᠨ ᠥᠨᠳᠥᠷᠯᠢᠭ ᠲᠦ ᠭᠠᠷᠴᠢᠬᠠᠵᠠᠢ᠃ ᠴᠤᠬᠤᠮ ᠳᠠᠭᠠᠨ ᠡᠨᠡ ᠠᠪᠢᠶᠠᠰᠯᠢᠭ ᠪᠦᠰᠡᠭᠦᠢ ᠶᠢᠨ ᠭᠢᠯᠠᠯᠵᠠᠭᠰᠠᠨ ᠠᠮᠵᠢᠯᠲᠠ ᠨᠤᠭᠤᠳ ᠢ ᠳᠠᠪᠠᠵᠤ ᠭᠠᠷᠬᠤ ᠬᠦᠮᠦᠨ ᠥᠪᠥᠷ ᠮᠣᠩᠭᠣᠯ ᠳᠤ ᠰᠡᠭᠦᠯ ᠦᠨ ᠬᠣᠷᠢᠨ ᠵᠢᠯ ᠳᠦ ᠪᠡᠨ ᠭᠠᠷᠴᠤ ᠢᠷᠡᠭᠡ ᠦᠭᠡᠢ ᠭᠡᠵᠦ ᠪᠣᠳᠣᠬᠤ ᠪᠠᠷ 《ᠨᠢᠭᠡᠨ ᠴᠠᠭ ᠢ ᠡᠵᠡᠩᠨᠡᠨ᠎ᠡ》 ᠭᠡᠭᠴᠢ ᠨᠢ ᠪᠠᠶᠢᠬᠤ ᠡ᠃ ᠡᠨᠡ ᠪᠣᠯ ᠲᠥᠷᠥᠯᠬᠢ ᠶᠢᠨ᠂ ᠪᠠᠰᠠ ᠤᠳᠤᠮ ᠤᠨ ᠠᠪᠢᠶᠠᠰ ᠪᠣᠯᠠᠢ᠃ ᠬᠠᠰ-ᠣᠳᠣᠨ ᠤ ᠠᠪᠤ ᠨᠢ 《ᠤᠯᠠᠭᠠᠨ ᠮᠥᠴᠢᠷ》 ᠬᠠᠮᠲᠤᠯᠢᠭ ᠲᠤ ᠬᠥᠭᠵᠢᠮᠴᠢᠨ ᠪᠠᠶᠢᠭᠰᠠᠨ ᠲᠡᠳᠦᠢ ᠦᠭᠡᠢ ᠡᠵᠢ ᠨᠢ ᠰᠠᠶᠢᠬᠠᠨ ᠳᠠᠭᠤᠯᠠᠳᠠᠭ᠂ ᠡᠭᠡᠴᠢ ᠬᠠᠰᠴᠡᠴᠡᠭ ᠨᠢ ᠥᠪᠥᠷ ᠮᠣᠩᠭᠣᠯ ᠤᠨ ᠨᠡᠷᠡᠲᠦ ᠪᠦᠵᠢᠭᠴᠢᠨ᠂ ᠪᠦᠵᠢᠭ ᠳᠢᠭᠯᠡᠭᠡᠴᠢ᠂ ᠡᠳᠡᠨ ᠦ ᠬᠢ ᠦᠨᠳᠦᠰᠦᠨ ᠳᠦ ᠪᠡᠨ ᠤᠷᠠᠯᠢᠭ ᠤᠨ ᠭᠡᠷ ᠪᠦᠯᠢ ᠶᠤᠮᠰᠠᠨᠵᠡᠢ᠃ ᠲᠥᠷᠥᠯᠬᠢ ᠶᠢᠨ ᠪᠦᠵᠢᠭᠯᠡᠬᠦ ᠠᠪᠢᠶᠠᠰ ᠲᠠᠢ ᠬᠠᠰ-ᠣᠳᠣᠨ 1988 ᠣᠨ ᠳᠤ 12 ᠨᠠᠰᠤᠲᠠᠢ ᠳᠤ ᠪᠠᠨ ᠣᠷᠳᠣᠰ ᠤᠨ ᠤᠷᠠᠯᠢᠭ ᠤᠨ ᠰᠤᠷᠭᠠᠭᠤᠯᠢ ᠳᠤ ᠣᠷᠣᠵᠤ ᠰᠤᠷᠤᠯᠴᠠᠨ᠂ ᠡᠭᠦᠨ ᠢ ᠪᠡᠨ ᠲᠡᠭᠦᠰᠦᠭᠡᠳ ᠥᠪᠥᠷ ᠮᠣᠩᠭᠣᠯ ᠤᠨ ᠳᠠᠭᠤᠤ ᠪᠦᠵᠢᠭ ᠦᠨ ᠪᠦᠯᠬᠦᠮ ᠳᠦ ᠰᠢᠯᠭᠠᠷᠴᠣ ᠣᠷᠣᠭᠰᠠᠨ ᠪᠠᠶᠢᠨ᠎ᠠ᠃ ᠪᠥᠯᠬᠥᠮ ᠳ᠋ᠡᠭᠡᠨ ᠬᠠᠮᠤᠭ ᠤᠨ ᠪᠢᠴᠢᠬᠠᠨ ᠨᠢ ᠪᠥᠭᠡᠳ ᠠᠪᠢᠶᠠᠰᠯᠢᠭ ᠥᠬᠦᠭᠡᠷᠳᠡᠮᠡ ᠵᠢᠭᠠᠬᠠᠨ ᠥᠬᠢᠨ ᠢ ᠪᠠᠭᠰᠢ ᠨᠠᠷ ᠨᠢ ᠮᠠᠭᠲᠠᠵᠤ᠂ ᠲᠡᠭᠦᠨ ᠳᠦ ᠵᠣᠷᠢᠭᠤᠯᠤᠨ ᠪᠦᠵᠢᠭ ᠳᠢᠭᠯᠡᠵᠦ᠂ ᠥᠬᠢᠨ ᠴᠤ ᠥᠪᠡᠷ ᠦᠨ ᠭᠡᠰᠡᠨ ᠭᠣᠴᠣᠯᠠᠯ ᠪᠦᠵᠢᠭ ᠲᠡᠢ ᠪᠣᠯᠤᠭᠠᠳ ᠠᠪᠴᠠᠢ᠃ 13 ᠨᠠᠰᠤᠨ ᠳᠤ ᠪᠠᠨ ᠪᠠᠭᠰᠢ ᠶᠢᠨ ᠢᠶᠠᠨ ᠳᠢᠭᠯᠡᠭᠰᠡᠨ ᠭᠣᠴᠣᠯᠠᠯ ᠪᠦᠵᠢᠭ ᠢᠶᠡᠷ ᠥᠪᠥᠷ ᠮᠣᠩᠭᠣᠯ ᠤᠨ ᠪᠦᠵᠢᠭ ᠦᠨ ᠤᠷᠤᠯᠳᠤᠭᠠᠨ ᠳᠤ ᠣᠷᠣᠯᠴᠠᠵᠤ ᠬᠣᠶᠠᠳᠤᠭᠠᠷ ᠳᠡᠰ ᠦᠨ ᠱᠠᠩᠨᠠᠯ ᠠᠪᠴᠤ ᠪᠠᠶᠢᠭᠰᠠᠨ ᠨᠢ 14 ᠨᠠᠰᠤᠨ ᠳᠤ ᠪᠠᠨ ᠪᠦᠬᠦ ᠠᠶᠢᠮᠠᠭ ᠤᠨ ᠨᠢᠭᠡᠳᠦᠭᠡᠷ ᠳᠡᠰ ᠦᠨ ᠱᠠᠩᠨᠠᠯ ᠬᠦᠷᠲᠡᠬᠦ ᠶᠢᠨ ᠰᠠᠶᠢᠬᠠᠨ ᠤᠭᠲᠤᠯ ᠪᠠᠶᠢᠯ᠎ᠠ᠃ 1998 ᠣᠨ ᠳᠤ ᠣᠯᠠᠨ ᠢ ᠪᠢᠰᠢᠷᠡᠭᠦᠯᠦᠨ ᠪᠠᠬᠠᠷᠬᠠᠭᠤᠯᠵᠤ ᠪᠠᠶᠢᠭᠰᠠᠨ 《ᠰᠦᠨ ᠦ ᠦᠨᠦᠷ ᠠᠩᠬᠢᠯᠤᠮ᠎ᠠ》 ᠪᠦᠵᠢᠭ ᠢ ᠨᠢ ᠲᠦᠷᠦᠭᠰᠡᠨ ᠡᠭᠡᠴᠢ ᠬᠠᠰᠴᠡᠴᠡᠭ ᠨᠢ ᠳᠢᠭᠯᠡᠭᠰᠡᠨ ᠪᠠᠶᠢᠨ᠎ᠠ᠃ ᠡᠨᠡ ᠬᠠᠲᠤᠭᠲᠠᠢ ᠪᠦᠵᠢᠭ ᠳᠢᠭᠯᠡᠵᠦ᠂ ᠥᠪᠡᠷ ᠢᠶᠡᠨ ᠪᠦᠵᠢᠭ ᠦᠨ ᠬᠤᠪᠴᠠᠰᠤᠨ ᠤ ᠵᠠᠭᠪᠤᠷ ᠭᠠᠷᠭᠠᠨ ᠣᠶᠣᠵᠤ ᠤᠷᠠᠯᠠᠬᠤ ᠶᠢᠨ ᠬᠠᠵᠠᠭᠤ ᠪᠠᠷ ᠬᠠᠶᠢᠷᠠᠲᠠᠢ ᠳᠡᠭᠦᠦ ᠬᠠᠰ-ᠣᠳᠤᠨ ᠢᠶᠡᠨ《ᠥᠨᠥᠳᠥᠷ ᠶᠠᠭᠤ ᠬᠢᠪᠡ᠂ ᠶᠠᠮᠠᠷ ᠴᠢᠷᠮᠠᠶᠢᠯᠲᠠ ᠲᠠᠢ᠂ ᠶᠠᠮᠠᠷᠬᠠᠨ ᠠᠬᠢᠴᠠ ᠳᠡᠪᠰᠢᠯᠲᠡ ᠲᠡᠢ ᠶᠠᠪᠤᠨ᠎ᠠ ᠪᠤᠢ︾ ᠭᠡᠳ ᠡᠳᠦᠷ ᠪᠣᠯᠭᠠᠨ ᠰᠠᠨᠠᠭ᠎ᠠ ᠲᠠᠯᠪᠢᠵᠣ ᠶᠠᠪᠤᠭᠰᠠᠨ ᠨᠢ ᠡᠭᠡᠴᠢ ᠳᠡᠭᠦᠰ ᠦᠨ ᠬᠠᠯᠠᠭᠤᠨ ᠤᠷᠤᠭ ᠤᠨ ᠨᠠᠨᠳᠢᠨ ᠬᠣᠯᠪᠣᠭᠠᠰᠤ᠂ ᠬᠠᠯᠠᠮᠵᠢᠲᠤ ᠰᠡᠳᠬᠢᠯ ᠦᠨ ᠥᠭᠭᠢᠶᠡᠮᠦᠷ ᠠᠴᠢᠯᠠᠯ ᠪᠠᠶᠢᠯ᠎ᠠ᠃
ᠬᠠᠰ-ᠣᠳᠣᠨ ᠠᠩᠬ᠎ᠠ ᠬᠥᠬᠡ ᠬᠣᠲᠠ ᠳ᠋ᠤ ᠭᠠᠭᠴᠠᠭᠠᠷ ᠢᠶᠠᠨ ᠢᠷᠡᠴᠢᠬᠡᠭᠡᠳ ᠲᠠᠨᠢᠬᠤ᠂ ᠲᠤᠰᠯᠠᠬᠤ ᠬᠦᠮᠦᠨ ᠦᠭᠡᠢ᠂ ᠰᠢᠨᠲᠠᠷᠠᠵᠤ ᠵᠦᠳᠡᠷᠡᠬᠦ ᠦᠶ᠎ᠡ ᠪᠠᠶᠢᠭᠰᠠᠨ ᠴᠤ ᠪᠦᠵᠢᠭ ᠦᠨ ᠤᠷᠠᠯᠢᠭ ᠲᠤ ᠬᠠᠮᠤᠭ ᠰᠡᠳᠬᠢᠯ ᠢᠶᠡᠨ ᠵᠣᠷᠢᠭᠤᠯᠵᠤ᠂ ᠡᠯᠳᠡᠪ ᠪᠡᠷᠬᠡᠰᠢᠶᠡᠯ ᠢ ᠳᠠᠪᠠᠨ ᠲᠤᠭᠤᠯᠵᠤ ᠭᠠᠷᠤᠭᠰᠠᠨ ᠢᠶᠠᠷ ᠤᠷᠠᠯᠢᠭ ᠤᠨ ᠶᠢᠷᠲᠢᠨᠴᠦ ᠳ᠋ᠤ ᠣᠳᠣ ᠪᠣᠯᠤᠨ ᠭᠢᠯᠠᠯᠵᠠᠬᠤ ᠡᠭᠦᠳᠡ ᠬᠠᠭᠠᠯᠭ᠎ᠠ ᠨᠢ ᠨᠡᠭᠡᠭᠡᠭᠳᠡᠵᠡᠢ᠃ ᠲᠡᠷᠡ ᠪᠡᠷ 1992 ᠣᠨ ᠳᠤ ᠬᠥᠬᠡ ᠬᠣᠲᠠ ᠶᠢᠨ ᠳᠠᠭᠤᠤ ᠪᠦᠵᠢᠭ ᠦᠨ ᠪᠦᠯᠬᠦᠮ ᠳᠦ ᠣᠷᠣᠭᠰᠠᠨ ᠠᠴᠠ ᠪᠠᠨ ᠡᠬᠢᠯᠡᠭᠡᠳ ᠤᠯᠠᠮ ᠶᠡᠬᠡ ᠶᠢ ᠰᠤᠷᠬᠤ ᠡᠷᠮᠡᠭᠦᠨ ᠬᠦᠰᠡᠯ ᠵᠣᠷᠢᠯᠭ᠎ᠠ ᠲᠡᠭᠡᠭᠡᠭᠰᠡᠭᠡᠷ 1996 ᠣᠨ ᠳᠤ ᠪᠡᠭᠡᠵᠢᠩ ᠳᠦ ᠢᠷᠡᠵᠦ᠂ ᠳᠤᠮᠳᠠᠳᠤ ᠤᠯᠤᠰ ᠤᠨ ᠦᠨᠳᠦᠰᠦᠨ ᠦ ᠶᠡᠬᠡ ᠰᠤᠷᠭᠠᠭᠤᠯᠢ ᠳᠤ ᠡᠯᠰᠡᠨ ᠣᠷᠣᠵᠠᠢ᠃ ᠬᠥᠬᠡ ᠬᠣᠲᠠ ᠶᠢᠨ ᠳᠠᠭᠤᠤ ᠪᠦᠵᠢᠭ ᠦᠨ ᠪᠦᠯᠬᠦᠮ ᠦᠨ ᠭᠣᠴᠣᠯᠠᠯ ᠪᠦᠵᠢᠭᠴᠢᠨ ᠪᠠᠶᠢᠭᠰᠠᠨ ᠲᠤᠯᠠ ᠪᠡᠭᠡᠵᠢᠩ ᠳᠠᠬᠢ ᠰᠤᠷᠭᠠᠭᠤᠯᠢ ᠪᠠᠨ ᠲᠡᠭᠦᠰᠦᠭᠡᠳ ᠬᠥᠬᠡ ᠬᠣᠲᠠ ᠶᠢᠨ ᠰᠤᠷᠭᠠᠭᠤᠯᠢ ᠳ᠋ᠠᠭᠠᠨ ᠵᠠᠪᠠᠯ ᠪᠤᠴᠠᠵᠤ ᠢᠷᠡᠬᠦ ᠶᠣᠰᠣᠲᠠᠢ᠂ ᠬᠡᠷᠪᠡ ᠪᠤᠴᠠᠵᠤ ᠢᠷᠡᠬᠦ ᠦᠭᠡᠢ ᠪᠣᠯ ᠵᠢᠷᠭᠤᠭᠠᠨ ᠲᠦᠮᠡᠨ ᠵᠣᠭᠣᠰ ᠬᠤᠪᠢ ᠠᠴᠠ ᠪᠠᠨ ᠲᠥᠯᠦᠨ᠎ᠡ ᠭᠡᠰᠡᠨ ᠪᠣᠯᠵᠣᠯ ᠲᠠᠢ ᠪᠠᠶᠢᠭᠰᠠᠨ ᠴᠤ ᠬᠠᠰ-ᠣᠳᠣᠨ ᠥᠪᠡᠷᠲᠡᠭᠡᠨ 《ᠪᠢ ᠡᠭᠦᠨ ᠦ ᠲᠥᠯᠥᠭᠡ ᠪᠢᠰᠢ ᠡ᠃ ᠪᠡᠭᠡᠵᠢᠩ ᠳᠦ ᠰᠠᠶᠢᠨ ᠰᠠᠶᠢᠨ ᠪᠦᠵᠢᠭᠴᠢᠳ ᠠᠷᠪᠢᠨ ᠶᠡᠬᠡ ᠪᠠᠶᠢᠨ᠎ᠠ᠃ ᠨᠠᠳᠠ ᠳᠤ ᠰᠤᠷᠬᠤ ᠶᠠᠭᠤᠮ᠎ᠠ ᠶᠡᠬᠡ ᠪᠤᠢ᠃ ᠮᠣᠩᠭᠣᠯ ᠪᠦᠵᠢᠭ ᠢ ᠰᠢᠨᠡᠳᠭᠡᠬᠦ ᠪᠣᠯᠤᠮᠵᠢ ᠪᠠᠶᠢᠨ᠎ᠠ ᠤᠤ᠂ ᠦᠭᠡᠢ ᠤᠤ᠃ ᠪᠠᠶᠢᠪᠠᠯ ᠰᠢᠮᠳᠠᠨ ᠰᠤᠷᠤᠯᠴᠠᠵᠤ ᠥᠪᠡᠷ ᠦᠨ ᠵᠣᠷᠢᠭᠰᠠᠨ ᠳᠤ ᠪᠠᠨ ᠬᠦᠷᠥᠶᠡ》 ᠭᠡᠰᠡᠨ ᠡᠷᠬᠢᠮ ᠵᠣᠷᠢᠯᠭ᠎ᠠ ᠲᠠᠯᠪᠢᠵᠠᠢ᠃
ᠬᠣᠵᠢᠮ ᠲᠡᠷᠡ ᠪᠡᠷ ᠥᠪᠥᠷ ᠮᠣᠩᠭᠣᠯ ᠤᠨ ᠦᠨᠳᠦᠰᠦᠨ ᠦ ᠤᠷᠠᠯᠢᠭ ᠤᠨ ᠬᠦᠷᠢᠶᠡᠯᠡᠩ ᠪᠠᠶᠢᠭᠤᠯᠤᠭᠳᠠᠬᠤ ᠳᠤ ᠳᠠᠭᠤᠤ᠂ ᠪᠦᠵᠢᠭ ᠦᠨ ᠮᠡᠷᠭᠡᠵᠢᠯ ᠬᠠᠷᠢᠭᠤᠴᠠᠭᠰᠠᠨ ᠵᠠᠬᠢᠷᠤᠯ ᠢᠶᠠᠷ ᠲᠣᠮᠢᠯᠠᠭᠳᠠᠵᠤ᠂ ᠥᠪᠥᠷ ᠮᠣᠩᠭᠣᠯ ᠪᠣᠯᠤᠠ ᠠᠷᠤ ᠮᠣᠩᠭᠣᠯ ᠤᠨ ᠰᠤᠶᠤᠯ ᠤᠷᠠᠯᠢᠭ ᠤᠨ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ ᠶᠡᠬᠡ ᠦᠢᠯᠡᠰ ᠲᠦ ᠬᠦᠴᠦᠨ ᠵᠢᠳᠬᠦᠵᠦ ᠡᠬᠢᠯᠡᠭᠰᠡᠨ ᠪᠥᠭᠡᠳ ᠳᠤᠮᠳᠠᠳᠤ ᠤᠯᠤᠰ ᠲᠤ ᠬᠢᠲᠠᠳ-ᠮᠣᠩᠭᠣᠯ ᠤᠨ ᠡᠺᠰᠫᠣ ᠦᠵᠡᠰᠬᠦᠯᠡᠩ ᠬᠣᠶᠠᠷ ᠴᠤ ᠤᠳᠠᠭ᠎ᠠ ᠶᠠᠪᠤᠭᠳᠠᠬᠤ ᠳᠤ ᠣᠷᠣᠰ᠂ ᠮᠣᠩᠭᠣᠯ᠂ ᠪᠤᠷᠢᠶᠠᠳ᠂ ᠲᠤᠸᠠ᠂ ᠬᠠᠯᠢᠮᠠᠭ ᠤᠯᠤᠰ ᠤᠨ ᠪᠦᠵᠢᠭ ᠨᠠᠭᠠᠳᠤᠮ ᠢ ᠭᠠᠷᠳᠠᠨ ᠵᠣᠬᠢᠶᠠᠨ ᠪᠠᠶᠢᠭᠤᠯᠵᠠᠢ᠃ ᠡᠭᠦᠨ ᠳᠦ ᠠᠷᠤ ᠮᠣᠩᠭᠣᠯ ᠠᠴᠠ 100 ᠣᠷᠴᠢᠮ ᠪᠦᠵᠢᠭᠴᠢᠨ᠂ ᠮᠡᠷᠭᠡᠵᠢᠯ ᠦᠨ ᠪᠠᠭᠰᠢ ᠨᠠᠷ ᠣᠷᠣᠯᠴᠠᠭᠰᠠᠨ ᠪᠠᠶᠢᠨ᠎ᠠ᠃ 2019 ᠣᠨ ᠤ 8 ᠍ ᠳᠦᠭᠠᠷ ᠰᠠᠷ᠎ᠠ ᠳᠤ ᠤᠷᠳᠤ ᠬᠥᠷᠰᠢ ᠳᠦ ᠬᠢᠲᠠᠳ-ᠮᠣᠩᠭᠣᠯ ᠤᠨ ᠭᠤᠷᠪᠠ ᠳᠠᠬᠢ ᠤᠳᠠᠭ᠎ᠠ ᠶᠢᠨ ᠡᠺᠰᠫᠣ ᠤᠯᠠᠮᠵᠢᠯᠠᠯ ᠶᠣᠰᠣᠭᠠᠷ ᠢᠶᠠᠨ ᠵᠣᠬᠢᠶᠠᠨ ᠪᠠᠶᠢᠭᠤᠯᠤᠭᠳᠠᠬᠤ ᠪᠥᠭᠡᠳ ᠡᠭᠦᠨ ᠳᠦ ᠬᠠᠰ-ᠣᠳᠣᠨ ᠤ ᠬᠦᠴᠦ᠂ ᠨᠥᠯᠥᠭᠡ ᠦᠯᠡᠮᠵᠢ ᠶᠡᠬᠡ ᠪᠠᠶᠢᠭ᠎ᠠ ᠨᠢ ᠲᠣᠳᠣᠷᠬᠠᠢ᠃ ᠡᠭᠦᠨ ᠡᠴᠡ ᠭᠠᠳᠠᠨ᠎ᠠ ᠪᠤᠢ ᠪᠡᠶᠡᠯᠡᠭᠡᠨ ᠦ ᠨᠢᠭᠡ ᠰᠠᠶᠢᠬᠠᠨ ᠪᠦᠵᠢᠭ ᠨᠠᠶᠢᠷᠠᠭᠤᠯᠵᠤ ᠳᠤᠮᠳᠠᠳᠤ ᠤᠯᠤᠰ ᠤᠨ 11 ᠍ ᠳᠦᠭᠡᠷ ᠤᠳᠠᠭ᠎ᠠ ᠶᠢᠨ ᠶᠡᠬᠡ ᠨᠠᠭᠠᠳᠤᠮ ᠳᠤ ᠣᠷᠣᠯᠴᠠᠭᠰᠠᠨ ᠲᠡᠳᠦᠢ ᠦᠭᠡᠢ ᠡᠨᠡᠬᠦ ᠪᠡᠶᠡᠯᠡᠭᠡ ᠶᠢ ᠮᠣᠩᠭᠣᠯ᠂ ᠣᠷᠣᠰ᠂ ᠬᠢᠲᠠᠳ ᠤᠯᠤᠰ ᠬᠠᠮᠲᠤᠷᠠᠵᠤ ᠬᠢᠬᠦ ᠳᠦ ᠶᠡᠷᠦᠩᠬᠡᠢ ᠨᠠᠶᠢᠷᠠᠭᠤᠯᠤᠭᠴᠢ ᠪᠠᠷ ᠠᠵᠢᠯᠯᠠᠵᠠᠢ᠃
ᠪᠤᠢ ᠪᠡᠶᠡᠯᠡᠭᠡ ᠨᠢ ᠮᠣᠩᠭᠣᠯᠴᠤᠳ ᠤᠨ ᠪᠠᠶᠠᠷ ᠵᠢᠷᠭᠠᠯ᠂ ᠠᠮᠢᠳᠤᠷᠠᠯ ᠲᠡᠮᠡᠴᠡᠯ᠂ ᠠᠬᠤᠢ ᠪᠠᠶᠢᠳᠠᠯ᠂ ᠶᠣᠰᠣ ᠵᠠᠩᠰᠢᠯ ᠤᠨ ᠢᠯᠡᠷᠬᠡᠶᠢᠯᠡᠯ ᠪᠣᠯᠵᠤ᠂ ᠥᠨᠢ ᠡᠷᠲᠡᠨ ᠡᠴᠡ ᠥᠨᠥ ᠶᠢ ᠬᠦᠷᠲᠡᠯ᠎ᠡ ᠦᠶ᠎ᠡ ᠵᠠᠯᠭᠠᠨ ᠤᠯᠠᠮᠵᠢᠯᠠᠵᠤ ᠢᠷᠡᠭᠰᠡᠨ ᠦᠨᠳᠦᠰᠦᠨ ᠦ ᠤᠯᠠᠮᠵᠢᠯᠠᠯᠲᠤ ᠪᠦᠵᠢᠭ ᠦᠨ ᠬᠣᠪᠣᠷ ᠲᠥᠷᠥᠯ ᠪᠥᠭᠡᠳ ᠡᠨᠡᠬᠦ ᠤᠷᠠᠯᠢᠭ ᠢ ᠭᠠᠭᠴᠠᠬᠦ ᠨᠡᠭᠦᠳᠡᠯᠴᠢᠳ ᠪᠦᠲᠦᠭᠡᠵᠦ᠂ ᠬᠡᠵᠢᠶ᠎ᠡ᠂ ᠬᠡᠨ ᠴᠤ ᠳᠠᠪᠲᠠᠵᠤ ᠴᠢᠳᠠᠭ᠎ᠠ ᠦᠭᠡᠢ ᠪᠡᠷ ᠢᠶᠡᠨ ᠠᠷᠠᠳ ᠤᠨ ᠰᠣᠩᠭᠣᠮᠠᠯ ᠤᠷᠠᠯᠢᠭ ᠤᠨ ᠨᠢᠭᠡᠨ ᠲᠥᠷᠥᠯ ᠪᠣᠯᠤᠭᠰᠠᠨ ᠶᠤᠮ᠃ ᠡᠭᠦᠨ ᠢ ᠬᠢᠲᠠᠳ᠂ ᠣᠷᠣᠰ ᠬᠣᠶᠠᠷ ᠲᠤ ᠬᠠᠮᠢᠶᠠᠲᠤᠭᠤᠯᠵᠤ ᠨᠠᠶᠢᠷᠠᠭᠤᠯᠤᠭᠰᠠᠨ ᠨᠢ ᠪᠠᠰᠠ ᠯᠠ ᠨᠢᠭᠡᠨ ᠳᠡᠪᠰᠢᠯ᠃
ᠬᠠᠰ-ᠣᠳᠣᠨ ᠰᠡᠭᠦᠯ ᠦᠨ ᠵᠢᠯ ᠦᠳ ᠲᠦ ᠠᠷᠤ᠂ ᠥᠪᠥᠷ ᠮᠣᠩᠭᠣᠯ ᠤᠨ ᠪᠦᠵᠢᠭ ᠦᠨ ᠤᠷᠠᠯᠢᠭ ᠢ ᠬᠠᠷᠢᠴᠠᠭᠤᠯᠤᠨ ᠰᠤᠳᠤᠯᠵᠤ᠂ ᠤᠯᠠᠭᠠᠨᠪᠠᠭᠠᠲᠤᠷ ᠠᠴᠠ ᠪᠦᠵᠢᠭᠴᠢᠳ ᠤᠷᠢᠵᠤ᠂ ᠤᠷᠤᠯᠳᠤᠭᠠᠨ ᠲᠡᠮᠡᠴᠡᠭᠡᠨ ᠵᠣᠬᠢᠶᠠᠨ ᠪᠠᠶᠢᠭᠤᠯᠵᠤ᠂ ᠬᠣᠶᠠᠷ ᠤᠯᠤᠰ ᠤᠨ ᠦᠨᠳᠦᠰᠦᠨ ᠦ ᠪᠦᠵᠢᠭ ᠢ ᠬᠥᠭᠵᠢᠭᠦᠯᠵᠦ ᠳᠡᠯᠭᠡᠷᠡᠭᠦᠯᠬᠦ ᠳᠦ ᠶᠡᠬᠡᠬᠡᠨ ᠬᠦᠴᠦᠨ ᠴᠢᠷᠮᠠᠶᠢᠯᠲᠠ ᠭᠠᠷᠭᠠᠬᠤ ᠶᠢᠨ ᠰᠠᠴᠠᠭᠤ ᠰᠡᠭᠦᠯ ᠦᠨ 20 ᠵᠢᠯ ᠳᠦ ᠥᠪᠥᠷ ᠮᠣᠩᠭᠣᠯ ᠤᠨ ᠴᠠᠭᠠᠨ ᠰᠠᠷ᠎ᠠ ᠶᠢᠨ ᠴᠡᠩᠭᠡᠭᠦᠨ ᠳᠦ ᠮᠣᠩᠭᠣᠯ ᠭᠣᠴᠣᠯᠠᠯ ᠪᠦᠵᠢᠭ ᠢ ᠰᠢᠭᠢᠳᠬᠡᠭᠡ ᠪᠣᠯᠭᠠᠨ ᠠᠪᠴᠤ ᠶᠠᠪᠤᠭ᠎ᠠ ᠭᠠᠭᠴᠠ ᠬᠦᠮᠦᠨ ᠨᠢ ᠶᠤᠮᠰᠠᠨᠵᠢ᠃ ᠲᠡᠭᠦᠨ ᠢ ᠠᠩᠬ᠎ᠠ ᠨᠡᠷ᠎ᠡ ᠳᠦ ᠭᠠᠷᠭᠠᠵᠤ᠂ ᠣᠯᠠᠨ ᠤᠯᠤᠰ ᠤᠨ ᠤᠷᠠᠯᠢᠭ ᠤᠨ ᠲᠠᠶᠢᠰᠠᠨ ᠠᠴᠠ ᠠᠷᠪᠢᠨ ᠶᠡᠬᠡ ᠱᠠᠩᠨᠠᠯ ᠬᠦᠷᠲᠡᠭᠡᠭᠰᠡᠨ 《ᠱᠧᠳᠧᠸᠷ》 ᠪᠦᠲᠦᠭᠡᠯ ᠨᠢ 《ᠰᠦᠨ ᠦ ᠦᠨᠦᠷ ᠠᠩᠬᠢᠯᠤᠮ᠎ᠠ》 ᠬᠡᠮᠡᠬᠦ ᠭᠣᠴᠣᠯᠠᠯ ᠪᠦᠵᠢᠭ ᠨᠢ ᠠᠵᠡᠢ᠃ ᠮᠥᠨ ᠥᠪᠡᠷ ᠦᠨ ᠳᠢᠭᠯᠡᠭᠰᠡᠨ 《ᠨᠠᠮᠠᠨᠴᠢᠯᠠᠯ》᠂ 《ᠲᠩᠷᠢ ᠶᠢᠨ ᠬᠠᠶᠠᠭ᠎ᠠ》᠂ 《ᠪᠥᠬᠡ ᠶᠢᠨ ᠮᠠᠭᠲᠠᠭᠠᠯ》 ᠵᠡᠷᠭᠡ ᠪᠦᠵᠢᠭ ᠨᠢ ᠳᠤᠮᠳᠠᠳᠤ ᠤᠯᠤᠰ ᠲᠤ ᠶᠡᠬᠡᠳᠡ ᠠᠯᠳᠠᠷᠰᠢᠵᠠᠢ᠃ ᠵᠥᠪᠬᠡᠨ ᠥᠪᠡᠷ ᠲᠦ ᠨᠢ ᠵᠣᠷᠢᠭᠤᠯᠵᠤ ᠪᠦᠵᠢᠭ ᠵᠣᠬᠢᠶᠠᠨ ᠳᠢᠭᠯᠡᠵᠦ᠂ ᠪᠦᠬᠦᠢ ᠯᠠ ᠡᠷᠳᠡᠮ ᠴᠢᠳᠠᠯ ᠢᠶᠠᠨ ᠵᠢᠭᠠᠨ ᠰᠤᠷᠭᠠᠵᠤ ᠪᠠᠶᠢᠭᠰᠠᠨ ᠴᠠᠭᠠᠨᠴᠢᠯᠠᠭᠤᠨ᠂ ᠪᠠᠳᠮ᠎ᠠ ᠵᠡᠷᠭᠡ ᠪᠠᠭᠰᠢ ᠨᠠᠷ ᠢᠶᠠᠷ ᠢᠶᠠᠨ ᠬᠠᠰ-ᠣᠳᠣᠨ ᠶᠡᠬᠡᠳᠡ ᠪᠠᠬᠠᠷᠬᠠᠵᠤ᠂ ᠬᠠᠷᠢᠨ ᠥᠨᠥ ᠴᠠᠭ ᠤᠨ ᠣᠯᠠᠨ ᠠᠷᠪᠠᠨ ᠱᠠᠪᠢ ᠨᠠᠷ ᠨᠢ ᠬᠠᠰ-ᠣᠳᠣᠨ ᠪᠠᠭᠰᠢ ᠪᠠᠷ ᠢᠶᠠᠨ ᠪᠠᠬᠠᠷᠬᠠᠵᠤ ᠶᠠᠪᠤᠳᠠᠭ ᠨᠢ ᠡᠷᠲᠡ ᠪᠠ ᠡᠳᠦᠭᠡ ᠶᠢ ᠬᠣᠯᠪᠣᠨ ᠰᠢᠲᠦᠯᠴᠡᠭᠦᠯᠦᠭᠴᠢ ᠤᠯᠠᠮᠵᠢᠯᠠᠯ ᠪᠠ ᠰᠢᠨᠡᠴᠢᠯᠡᠯ ᠦᠨ ᠲᠣᠳᠣ ᠭᠢᠯᠪᠠᠭ᠎ᠠ ᠶᠤᠮ᠃
ᠪᠦᠵᠢᠭᠴᠢᠨ ᠬᠠᠰ-ᠣᠳᠣᠨ ᠥᠪᠡᠷ ᠦᠨ ᠤᠯᠤᠰ ᠤᠨ ᠪᠣᠯᠤᠠ ᠣᠯᠠᠨ ᠤᠯᠤᠰ ᠤᠨ ᠲᠠᠶᠢᠰᠠᠨ ᠠᠴᠠ ᠨᠡᠶᠢᠲᠡ ᠳᠦ ᠪᠡᠨ ᠵᠢᠷᠠ ᠭᠠᠷᠤᠢ ᠱᠠᠩᠨᠠᠯ ᠬᠦᠷᠲᠡᠵᠡᠢ᠃ ᠵᠠᠷᠢᠮ ᠠᠴᠠ ᠨᠢ ᠳᠤᠷᠠᠳᠪᠠᠰᠤ᠄
ᠪᠤᠷᠢᠶᠠᠳ ᠤᠯᠤᠰ ᠲᠤ ᠵᠣᠬᠢᠶᠠᠨ ᠪᠠᠶᠢᠭᠤᠯᠤᠭᠰᠠᠨ ᠣᠯᠠᠨ ᠤᠯᠤᠰ ᠤᠨ ᠤᠷᠤᠯᠳᠤᠭᠠᠨ ᠠᠴᠠ ᠰᠢᠯᠢᠳᠡᠭ ᠦᠨ ᠰᠢᠯᠢᠳᠡᠭ ᠪᠦᠵᠢᠭ ᠳᠢᠭᠯᠡᠭᠡᠴᠢ᠂ ᠬᠣᠩᠺᠣᠩ ᠳᠦ ᠪᠣᠯᠤᠭᠰᠠᠨ ᠣᠯᠠᠨ ᠤᠯᠤᠰ ᠤᠨ ᠨᠠᠭᠠᠳᠤᠮ ᠠᠴᠠ ᠨᠢᠭᠡᠳᠦᠭᠡᠷ ᠳᠡᠰ ᠦᠨ ᠲᠣᠭᠯᠠᠭᠴᠢ᠂ 1998 ᠣᠨ ᠳᠤ ᠳᠤᠮᠳᠠᠳᠤ ᠤᠯᠤᠰ ᠤᠨ 《ᠯᠢᠩᠬᠤ᠎ᠠ ᠴᠡᠴᠡᠭ》 ᠪᠦᠵᠢᠭ ᠦᠨ ᠤᠷᠤᠯᠳᠤᠭᠠᠨ ᠠᠴᠠ 《ᠰᠦᠨ ᠦ ᠦᠨᠦᠷ ᠠᠩᠬᠢᠯᠤᠮ᠎ᠠ》 ᠭᠣᠴᠣᠯᠠᠯ ᠪᠦᠵᠢᠭ ᠢᠶᠡᠷ ᠢᠶᠡᠨ ᠬᠣᠶᠠᠳᠤᠭᠠᠷ ᠳᠡᠰ ᠦᠨ ᠱᠠᠩᠨᠠᠯ᠂ ᠮᠥᠨ ᠡᠨᠡ ᠤᠷᠤᠯᠳᠤᠭᠠᠨ ᠳᠤ ᠥᠪᠡᠷ ᠦᠨ ᠳᠢᠭᠯᠡᠭᠰᠡᠨ 《ᠨᠠᠮᠠᠨᠴᠢᠯᠠᠯ》 ᠪᠦᠵᠢᠭ ᠢᠶᠡᠷ ᠢᠶᠡᠨ ᠠᠯᠲᠠᠨ ᠮᠧᠳᠠᠯ ᠬᠦᠷᠲᠡᠵᠡᠢ᠃《ᠯᠢᠩᠬᠤ᠎ᠠ ᠴᠡᠴᠡᠭ》 ᠤᠷᠤᠯᠳᠤᠭᠠᠨ ᠨᠢ ᠳᠤᠮᠳᠠᠳᠤ ᠤᠯᠤᠰ ᠤᠨ ᠪᠦᠵᠢᠭ ᠦᠨ ᠨᠠᠭᠠᠳᠤᠮ ᠤᠨ ᠬᠠᠮᠤᠭ ᠤᠨ ᠳᠡᠭᠡᠳᠦ ᠲᠦᠪᠰᠢᠨ ᠦ ᠤᠷᠤᠯᠳᠤᠭᠠᠨ ᠶᠤᠮᠰᠠᠨᠵᠢ᠃ ᠬᠠᠷᠢᠨ ᠭᠤᠷᠪᠠ ᠳ᠋ᠠᠬᠢ ᠤᠳᠠᠭ᠎ᠠ ᠶᠢᠨ 《ᠯᠢᠩᠬᠤ᠎ᠠ ᠴᠡᠴᠡᠭ》 ᠤᠷᠤᠯᠳᠤᠭᠠᠨ ᠳᠤ ᠬᠠᠰ-ᠣᠳᠤᠨ ᠮᠣᠩᠭᠣᠯ ᠦᠨᠳᠦᠰᠦᠲᠡᠨ ᠢᠶᠡᠨ ᠲᠥᠯᠦᠭᠡᠯᠡᠵᠦ ᠣᠯᠠᠨ ᠤᠯᠤᠰ ᠤᠨ ᠨᠡᠷ᠎ᠡ ᠬᠦᠨᠳᠦᠲᠡᠢ ᠰᠢᠭᠦᠭᠴᠢ ᠨᠠᠷ ᠲᠠᠢ ᠮᠥᠷᠦ ᠵᠡᠷᠭᠡᠴᠡᠨ ᠡᠨᠡ ᠲᠣᠮᠣ ᠤᠷᠤᠯᠳᠤᠭᠠᠨ ᠢ ᠰᠢᠭᠦᠭᠰᠡᠨ ᠨᠢ ᠲᠡᠭᠦᠨ ᠦ ᠠᠪᠢᠶᠠᠰ ᠴᠢᠳᠠᠯ᠂ ᠨᠡᠷ᠎ᠡ ᠲᠥᠷᠦ ᠥᠨᠳᠦᠷ ᠡᠴᠡ ᠥᠨᠳᠦᠷ ᠲᠦ ᠥᠩᠭᠡᠵᠢᠨ ᠭᠢᠯᠠᠯᠵᠠᠭᠰᠠᠨ ᠤ ᠪᠠᠲᠤᠯᠠᠭ᠎ᠠ ᠪᠠᠶᠢᠯ᠎ᠠ᠃
ᠡᠨᠳᠡ ᠨᠢᠭᠡ ᠵᠦᠢᠯ ᠢ ᠣᠨᠴᠠᠯᠠᠨ ᠰᠣᠨᠢᠷᠬᠠᠭᠤᠯᠬᠤ ᠳᠤ ᠬᠠᠰ-ᠣᠳᠣᠨ ᠤ ᠵᠠᠷᠢᠮ ᠪᠦᠵᠢᠭ ᠢ ᠬᠦᠮᠦᠰ ᠦᠵᠡᠭᠡᠳ ᠤᠬᠢᠯᠠᠵᠤ ᠪᠠᠶᠢᠭᠰᠠᠨ ᠭᠡᠰᠡᠨ ᠶᠠᠷᠢᠶ᠎ᠠ ᠥᠪᠥᠷ ᠮᠣᠩᠭᠣᠯ ᠳᠤ ᠪᠠᠶᠢᠳᠠᠭ ᠶᠤᠮ ᠪᠠᠶᠢᠨ᠎ᠠ᠃ ᠡᠮᠭᠡᠨᠢᠯᠳᠦ ᠵᠦᠴᠦᠭᠡ ᠶᠤᠮ ᠦᠦ ᠺᠢᠨᠣ᠋ ᠦᠵᠡᠭᠡᠳ ᠬᠦᠮᠦᠰ ᠤᠬᠢᠯᠠᠳᠠᠭ᠂ ᠪᠠᠰᠠ ᠰᠠᠶᠢᠬᠠᠨ ᠳᠠᠭᠤᠤ ᠰᠣᠨᠣᠰᠤᠭᠠᠳ ᠤᠶᠠᠷᠠᠵᠤ ᠬᠠᠶᠢᠯᠠᠳᠠᠭ᠃ ᠬᠠᠷᠢᠨ ᠪᠦᠵᠢᠭ ᠪᠦᠵᠢᠬᠦ ᠶᠢ ᠦᠵᠡᠭᠡᠳ ᠬᠦᠮᠦᠨ ᠤᠬᠢᠯᠠᠵᠤ ᠪᠠᠶᠢᠭᠰᠠᠨ ᠭᠡᠵᠦ ᠡᠮᠦᠨ᠎ᠡ ᠨᠢ ᠬᠡᠵᠢᠶ᠎ᠡ ᠴᠤ ᠰᠣᠨᠣᠰᠴᠤ ᠪᠠᠶᠢᠭᠰᠠᠨ ᠦᠭᠡᠢ᠃ ᠲᠡᠭᠡᠭᠡᠳ ᠴᠤ ᠪᠦᠵᠢᠭ ᠦᠵᠡᠭᠡᠳ ᠤᠬᠢᠯᠠᠨ᠎ᠠ ᠭᠡᠬᠦ ᠪᠡᠷ ᠶᠡᠷᠦ ᠰᠠᠨᠠᠭᠠᠨ ᠳᠤ ᠪᠠᠭᠤᠬᠤ ᠦᠭᠡᠢ ᠪᠠᠶᠢᠭ᠎ᠠ ᠶᠤᠮ᠃ ᠡᠨᠡ ᠲᠤᠬᠠᠢ ᠬᠠᠰ-ᠣᠳᠣᠨ ᠠᠴᠠ ᠰᠣᠨᠢᠷᠬᠠᠨ ᠠᠰᠠᠭᠤᠬᠤ ᠳᠤ 《ᠮᠢᠨᠤ ᠵᠠᠷᠢᠮ ᠪᠦᠵᠢᠭ ᠦᠨ ᠳᠢᠭᠯᠡᠯᠲᠡ᠂ ᠰᠡᠳᠦᠪ ᠰᠠᠨᠠᠭᠠᠨ ᠠᠴᠠ ᠪᠣᠯᠳᠠᠭ ᠪᠠᠶᠢᠬᠤ᠃ ᠪᠢ ᠪᠦᠵᠢᠭ ᠦᠨ ᠢᠶᠡᠨ ᠤᠳᠬ᠎ᠠ᠂ ᠠᠭᠤᠯᠭ᠎ᠠ ᠶᠢ ᠰᠡᠳᠬᠢᠯ ᠡᠴᠡ ᠪᠡᠨ ᠢᠯᠡᠳᠬᠡᠵᠦ ᠭᠠᠷᠭᠠᠬᠤ ᠶᠢ ᠬᠢᠴᠢᠶᠡᠳᠡᠭ᠃ ᠢᠩᠭᠢᠵᠦ ᠬᠦᠮᠦᠨ ᠦ ᠰᠡᠳᠬᠢᠯ ᠢ ᠬᠥᠭᠯᠡᠬᠦ ᠤᠳᠬ᠎ᠠ ᠰᠠᠨᠠᠭ᠎ᠠ ᠶᠢ ᠭᠠᠷᠭᠠᠬᠤ ᠶᠠᠪᠤᠴᠠ ᠳᠤ ᠪᠠᠨ ᠥᠪᠡᠷ ᠢᠶᠡᠨ ᠪᠠᠰᠠ ᠤᠶᠠᠷᠠᠭᠠᠳ ᠤᠬᠢᠯᠠᠬᠤ ᠦᠶ᠎ᠡ ᠴᠤ ᠪᠠᠶᠢᠳᠠᠭ᠃ ᠦᠵᠡᠭᠴᠢᠳ ᠮᠢᠨᠤ ᠬᠥᠳᠡᠯᠭᠡᠭᠡᠨ᠂ ᠴᠢᠷᠠᠶ ᠶᠢᠨ ᠪᠠᠶᠢᠳᠠᠯ ᠢ ᠬᠠᠷᠠᠭᠠᠳ ᠤᠶᠠᠷᠠᠳᠠᠭ᠂ ᠪᠠᠰᠠ ᠤᠬᠢᠯᠠᠳᠠᠭ》 ᠭᠡᠵᠦ ᠲᠣᠪᠴᠢᠬᠠᠨ ᠬᠠᠷᠢᠭᠤᠯᠤᠭᠰᠠᠨ ᠶᠤᠮ᠃ ᠡᠭᠦᠨ ᠡᠴᠡ ᠢᠯᠡᠭᠦᠦ ᠬᠡᠷᠬᠢᠨ ᠬᠠᠷᠢᠭᠤᠯᠬᠤ ᠪᠢᠯᠡ᠃ ᠬᠠᠷᠢᠨ ᠪᠢᠴᠢᠭ ᠦᠨ ᠬᠦᠮᠦᠰ ᠯᠠ ᠡᠭᠦᠨ ᠢ ᠨᠠᠷᠢᠨ ᠭᠠᠷᠭᠠᠵᠤ ᠲᠠᠶᠢᠯᠬᠤ ᠶᠣᠰᠣᠲᠠᠢ ᠪᠠᠶᠢᠬᠤ᠃ ᠳᠠᠩᠴᠤ ᠪᠢ ᠴᠢᠳᠠᠰᠢ ᠦᠭᠡᠢ ᠨᠢ᠃
ᠠᠷᠠᠳ ᠤᠨ ᠤᠷᠠᠯᠢᠭ ᠳᠡᠭᠡᠷ᠎ᠡ ᠦᠨᠳᠦᠰᠦᠯᠡᠭᠰᠡᠨ ᠣᠷᠴᠢᠨ ᠴᠠᠭ ᠤᠨ ᠪᠦᠵᠢᠭ ᠦᠨ ᠤᠷᠠᠯᠢᠭ ᠬᠦᠮᠦᠰ ᠲᠦ ᠬᠢᠵᠠᠭᠠᠷ ᠦᠭᠡᠢ ᠡᠷᠬᠡ ᠴᠢᠯᠦᠭᠡ ᠶᠢ ᠣᠯᠭᠤᠵᠤ ᠪᠠᠶᠢᠨ᠎ᠠ᠃ ᠥᠪᠡᠷ ᠢ ᠪᠡᠨ ᠮᠡᠳᠡᠷᠡᠵᠥ ᠴᠢᠳᠠᠪᠠᠯ ᠣᠭᠲᠠᠷᠭᠤᠢ ᠳᠤ ᠠᠶᠠᠯᠠᠵᠤ᠂ ᠡᠭᠦᠯᠡᠰ ᠬᠥᠯᠭᠡᠯᠡᠵᠦ᠂ ᠳᠠᠯᠠᠢ ᠶᠢᠨ ᠭᠦᠨ ᠳ᠋ᠤ ᠱᠤᠩᠪᠠᠨ᠎ᠠ᠃ ᠵᠢᠭᠠᠰᠤ᠂ ᠮᠡᠯᠡᠬᠡᠢ᠂ ᠰᠢᠷᠭᠤᠯᠵᠢᠨ ᠤ ᠠᠮᠢᠳᠤᠷᠠᠯ ᠢᠶᠠᠷ ᠠᠮᠢᠳᠤᠷᠠᠵᠤ᠂ ᠤᠷᠭᠤᠮᠠᠯ᠂ ᠴᠢᠯᠠᠭᠤ᠂ ᠤᠭᠠᠯᠵᠠ ᠬᠡ ᠪᠣᠯᠵᠤ ᠬᠤᠪᠢᠷᠠᠨ᠎ᠠ᠃ ᠵᠡᠪᠰᠡᠭ ᠪᠠᠷᠢᠨ ᠲᠡᠮᠡᠴᠡᠯᠳᠦᠬᠦ ᠶᠢ ᠪᠦᠵᠢᠭ ᠢᠶᠡᠷ ᠦᠵᠡᠭᠦᠯᠵᠦ ᠪᠣᠯᠳᠠᠭ ᠪᠣᠯ ᠴᠡᠴᠡᠭ ᠪᠠᠷᠢᠨ ᠵᠣᠯᠭᠠᠯᠳᠤᠬᠤ ᠶᠢ ᠴᠤ ᠮᠥᠨ ᠯᠠ ᠪᠦᠵᠢᠭ ᠢᠶᠡᠷ ᠦᠵᠡᠭᠦᠯᠵᠦ ᠪᠣᠯᠤᠨ᠎ᠠ᠃ ᠬᠠᠰ-ᠣᠳᠤᠨ ᠨᠢᠭᠡᠨ ᠪᠦᠵᠢᠭ ᠲᠦ ᠪᠡᠨ ᠬᠡᠵᠢᠶ᠎ᠡ ᠮᠥᠳᠳᠥ ᠦᠭᠡᠢ ᠲᠥᠷᠥᠬᠦ ᠪᠣᠯᠤᠭᠰᠠᠨ ᠲᠤᠯᠭᠤᠷ ᠡᠬᠡ ᠶᠢᠨ ᠳᠦᠷᠢ ᠶᠢ ᠪᠦᠲᠦᠭᠡᠵᠡᠢ᠃ ᠡᠪᠦᠯ ᠦᠨ ᠴᠠᠰᠤᠨ ᠳᠡᠭᠡᠷ᠎ᠡ ᠵᠢᠷᠮᠦᠰᠦᠨ ᠡᠮᠡᠭᠲᠡᠢ ᠭᠡᠳᠡᠰᠦ ᠪᠡᠨ ᠢᠯᠡᠨ ᠠᠯᠭᠤᠷ ᠤᠷᠤᠭᠰᠢᠯᠠᠨ ᠪᠦᠵᠢᠬᠦ ᠪᠥᠭᠡᠳ ᠬᠠᠵᠠᠭᠤ ᠲᠠᠯ᠎ᠠ ᠪᠠᠷ ᠨᠢ ᠦᠢ ᠣᠯᠠᠨ 《ᠴᠥᠭᠡᠪᠦᠷᠢ ᠴᠢᠨᠣ᠎ᠠ》 ᠮᠡᠲᠦ ᠬᠦᠮᠦᠰ ᠭᠠᠷ ᠲᠤ ᠪᠠᠨ ᠪᠠᠮᠪᠠᠷ ᠪᠠᠷᠢᠭᠠᠳ ᠳᠣᠭᠣᠭᠰᠢ ᠲᠣᠩᠭᠣᠶᠢᠨ ᠪᠦᠵᠢᠬᠦ ᠨᠢ ᠲᠤᠩ ᠴᠤ ᠰᠣᠨᠢᠷᠬᠠᠭᠤᠰᠢᠲᠠᠢ᠃ ᠭᠡᠬᠦ ᠳᠦ ᠪᠡᠨ ᠵᠢᠷᠮᠦᠰᠦᠨ ᠡᠮᠡᠭᠲᠡᠢ ᠶᠢᠨ ᠴᠢᠷᠠᠢ ᠳᠤ ᠢᠨᠢᠶᠡᠮᠰᠦᠭᠯᠡᠯ ᠲᠣᠳᠣᠷᠠᠵᠤ ᠪᠠᠶᠢᠭᠰᠠᠨ ᠪᠣᠯᠬᠣᠷ ᠡᠨᠡ ᠮᠥᠨᠥᠬᠢ ᠤᠬᠢᠯᠠᠭᠤᠯᠳᠠᠭ ᠪᠦᠵᠢᠭ ᠨᠢ ᠪᠢᠰᠢ ᠪᠠᠶᠢᠬᠤ᠃ ᠣᠷᠴᠢᠨ ᠦᠶ᠎ᠡ ᠶᠢᠨ ᠪᠦᠵᠢᠭ ᠣᠳᠣ ᠶᠢᠨ ᠲᠦᠪᠰᠢᠨ ᠳᠦ ᠬᠦᠷᠬᠦ ᠶᠢᠨ ᠲᠤᠯᠠᠳᠠ ᠮᠠᠰᠢ ᠤᠷᠲᠤ ᠵᠠᠮ ᠢ ᠲᠤᠭᠤᠯᠵᠠᠢ᠃ ᠮᠠᠭᠠᠳ ᠦᠭᠡᠢ ᠬᠠᠰ-ᠣᠳᠤᠨ ᠲᠡᠷᠡ ᠬᠦ ᠤᠷᠲᠤ ᠵᠠᠮ ᠢ ᠣᠯᠠᠨ ᠠᠷᠪᠠᠨ ᠵᠢᠯ ᠢᠶᠡᠷ ᠨᠠᠭᠠᠰᠢᠯᠠᠭᠤᠯᠵᠤ ᠴᠢᠳᠠᠭᠰᠠᠨ ᠪᠣᠯᠬᠣᠷ ᠳᠤᠮᠳᠠᠳᠤ ᠤᠯᠤᠰ ᠤᠨ 《ᠨᠢᠭᠡᠳᠦᠭᠡᠷ ᠳᠡᠰ》 ᠍ ᠢ ᠰᠢᠭᠦᠷᠡᠭᠰᠡᠨ ᠪᠠᠶᠢᠵᠤ ᠲᠠᠭᠠᠷᠠᠬᠤ ᠨᠢ᠃
ᠡᠴᠦᠰ ᠲᠦ ᠨᠢ ᠲᠡᠮᠳᠡᠭᠯᠡᠵᠦ ᠬᠡᠯᠡᠬᠦ ᠳᠦ ᠤᠷᠠᠯᠢᠭ ᠬᠦᠮᠦᠰ ᠲᠦ ᠭᠣᠸ᠎ᠠ ᠵᠦᠢ᠂ ᠭᠣᠸ᠎ᠠ ᠰᠠᠶᠢᠬᠠᠨ᠂ ᠰᠡᠳᠬᠢᠯᠭᠡᠨ ᠦ ᠰᠢᠨ᠎ᠡ ᠥᠨᠴᠥᠭ᠂ ᠰᠢᠨ᠎ᠡ ᠡᠷᠴᠢ ᠬᠦᠴᠥ ᠥᠭᠳᠡᠭ᠃ ᠬᠡᠨ ᠪᠦᠬᠦᠨ ᠢ ᠡᠵᠡᠮᠳᠡᠳᠡᠭ ᠤᠷᠠᠯᠢᠭ ᠬᠡᠮᠡᠬᠦ ᠵᠢᠷ ᠦᠨ ᠪᠤᠰᠤ ᠦᠵᠡᠭᠳᠡᠯ᠂ ᠥᠪᠡᠷᠮᠢᠴᠡ ᠢᠳᠢ ᠰᠢᠳᠢ ᠶᠢ ᠵᠥᠪᠬᠡᠨ ᠣᠨᠴᠠᠭᠠᠢ ᠴᠢᠳᠠᠪᠤᠷᠢ ᠯᠠ ᠪᠤᠢ ᠪᠣᠯᠭᠠᠵᠤ ᠴᠢᠳᠠᠬᠤ ᠪᠥᠭᠡᠳ ᠬᠠᠷᠠᠮᠰᠠᠯᠲᠠᠢ ᠨᠢ ᠲᠡᠷᠡ ᠣᠨᠴᠠᠭᠠᠢ ᠴᠢᠳᠠᠪᠤᠷᠢ ᠴᠥᠭᠡᠬᠡᠨ ᠬᠥᠮᠦᠨ ᠳ᠋ᠤ ᠵᠠᠶᠠᠭᠠᠭᠳᠠᠭᠰᠠᠨ ᠪᠠᠶᠢᠳᠠᠭ᠃ ᠡᠭᠦᠨ ᠢ ᠠᠪᠢᠶᠠᠰ ᠭᠡᠳᠡᠭ ᠶᠤᠮ᠃ ᠡᠶᠢᠮᠦ ᠠᠪᠢᠶᠠᠰ ᠢᠶᠠᠷ ᠠᠭᠠᠭᠯᠠᠨ ᠲᠣᠭᠯᠠᠵᠤ ᠪᠠᠶᠢᠭ᠎ᠠ ᠪᠦᠰᠡᠭᠦᠢ ᠪᠣᠯᠪᠠᠰᠤ ᠦᠵᠡᠭᠴᠢᠳ ᠢᠶᠡᠨ ᠮᠡᠯᠮᠡᠷᠡᠲᠡᠯᠡ ᠪᠦᠵᠢᠭᠯᠡᠳᠡᠭ ᠬᠠᠰ-ᠣᠳᠤᠨ ᠪᠥᠯᠦᠭᠡ᠃
ᠲᠦᠮᠡᠲᠦ ᠰᠢᠨ᠎ᠡ ᠬᠥᠷᠪᠡᠭᠦᠯᠪᠡ
3 0