︽ ᠵᠢᠷᠠᠨ ᠪᠠᠭᠠᠲᠤᠷ ᠤᠨ ᠪᠣᠰᠤᠯᠭ᠎ᠠ ︾ ᠪᠤᠶᠤ ᠲᠠᠩᠨᠤ ᠤᠷᠢᠶᠠᠩᠬᠠᠢ ᠶᠢᠨ ︽ ᠺᠠᠶᠢ᠍ᠭᠠᠯ ᠦᠳ ︾
︽ ᠵᠢᠷᠠᠨ ᠪᠠᠭᠠᠲᠤᠷ ᠤᠨ ᠪᠣᠰᠤᠯᠭ᠎ᠠ ︾ ᠪᠤᠶᠤ ᠲᠠᠩᠨᠤ ᠤᠷᠢᠶᠠᠩᠬᠠᠢ ᠶᠢᠨ ︽ ᠺᠠᠶᠢ᠍ᠭᠠᠯ ᠦᠳ ︾
5872
2018-12-22 19:11
发表于:内蒙古
《 ᠵᠢᠷᠠᠨ ᠪᠠᠭᠠᠲᠤᠷ ᠤᠨ ᠪᠣᠰᠤᠯᠭ᠎ᠠ 》 ᠪᠤᠶᠤ ᠲᠠᠩᠨᠤ ᠤᠷᠢᠶᠠᠩᠬᠠᠢ ᠶᠢᠨ 《 ᠺᠠᠶᠢ᠍ᠭᠠᠯ ᠦᠳ 》
ᠲᠠᠩᠨᠣ ᠤᠷᠢᠶᠠᠩᠬᠠᠢ ᠪᠤᠶᠤ ᠲᠤᠸᠠ ᠤᠯᠤᠰ ᠲᠤ 1880 ᠍ ᠊ᠭᠠᠳ ᠣᠨ ᠤ ᠦᠶ᠎ᠡ ᠳᠦ 《ᠵᠢᠷᠠᠨ ᠣᠷᠭᠣᠳᠠᠯ ᠤᠨ ᠪᠣᠰᠤᠯᠭ᠎ᠠ》 ᠭᠡᠵᠦ ᠠᠶᠢᠬᠤᠪᠲᠤᠷ ᠰᠢᠷᠦᠭᠦᠨ ᠪᠣᠰᠤᠯᠭ᠎ᠠ ᠭᠠᠷᠴᠤ ᠪᠠᠶᠢᠵᠠᠢ᠃ ᠬᠣᠲᠣᠭᠣᠶᠢᠳ ᠤᠨ ᠸᠠᠩ ᠴᠢᠩᠭᠦᠩᠵᠠᠪ ᠤᠨ ᠪᠣᠰᠤᠯᠭ᠎ᠠ ᠠᠴᠠ ᠴᠤ ᠰᠢᠷᠦᠭᠦᠨ ᠪᠠᠶᠢᠭᠰᠠᠨ ᠡᠨᠡᠬᠦ ᠪᠣᠰᠤᠯᠭ᠎ᠠ ᠨᠢ ᠲᠠᠩᠨᠣ ᠤᠷᠢᠶᠠᠩᠬᠠᠢ ᠳᠤ ᠰᠦᠷᠡᠬᠡᠢ ᠳᠤᠤᠯᠢᠶᠠᠨ ᠳᠡᠭᠳᠡᠭᠡᠵᠦ᠂ ᠬᠣᠵᠢᠮ ᠵᠠᠭᠤᠨ ᠵᠠᠭᠤᠨ ᠢᠶᠠᠷ ᠶᠠᠷᠢᠭᠳᠠᠵᠤ ᠪᠢᠴᠢᠭᠲᠡᠬᠦ ᠣᠨᠴᠠᠭᠠᠢ ᠰᠡᠳᠦᠪ ᠪᠣᠯᠵᠤ ᠥᠷᠭᠡᠵᠢᠭᠰᠡᠨ ᠪᠠᠶᠢᠨ᠎ᠠ᠃ ᠡᠨᠡᠬᠦ ᠵᠢᠷᠠᠨ ᠣᠷᠭᠣᠳᠠᠯ ᠤᠨ ᠶᠡᠬᠡᠩᠬᠢ ᠨᠢ ᠲᠤᠬᠠᠢ ᠶᠢᠨ ᠦᠶ᠎ᠡ ᠳᠦ 《ᠺᠠᠢᠢᠭᠠᠯ ᠤᠳ》 ᠭᠡᠵᠦ ᠠᠷᠠᠳ ᠲᠦᠮᠡᠨ ᠳᠦ ᠪᠡᠨ ᠬᠦᠨᠳᠦᠯᠡᠭᠳᠡᠵᠦ ᠪᠠᠶᠢᠭᠰᠠᠨ 《ᠰᠢᠯᠢ ᠶᠢᠨ ᠰᠠᠶᠢᠨ ᠡᠷᠡᠴᠦᠳ》 ᠪᠠᠶᠢᠭᠰᠠᠨ ᠪᠥᠭᠡᠳ ᠲᠡᠳᠡ ᠰᠡᠭᠦᠯ ᠳᠦ ᠪᠡᠨ ᠠᠭᠤᠤ ᠶᠡᠬᠡ ᠮᠠᠨᠵᠤ ᠭᠦᠷᠦᠨ ᠦ ᠰᠦᠷ ᠬᠦᠴᠦ ᠳ᠋ᠤ ᠠᠷᠭ᠎ᠠ ᠦᠭᠡᠢ ᠳᠡᠶᠢᠯᠳᠡᠭᠳᠡᠵᠦ᠂ ᠪᠥᠭᠥᠳᠡᠭᠡᠷ ᠢᠶᠡᠨ ᠪᠠᠷᠢᠭᠳᠠᠭᠠᠳ ᠬᠡᠷᠴᠡᠭᠡᠢ ᠪᠡᠷ ᠴᠠᠭᠠᠵᠠᠯᠠᠭᠤᠯᠤᠭᠰᠠᠨ ᠪᠠᠶᠢᠬᠤ ᠠᠵᠢ᠃ ᠡᠷᠲᠡ ᠴᠠᠭ ᠲᠤ ᠲᠠᠩᠨᠣ ᠤᠷᠢᠶᠠᠩᠬᠠᠢ ᠪᠤᠶᠤ ᠲᠤᠸᠠ ᠨᠠᠷ ᠰᠢᠯᠢ ᠶᠢᠨ ᠰᠠᠶᠢᠨ ᠡᠷᠡᠴᠦᠳ ᠢᠶᠡᠨ 《ᠺᠠᠢᠢᠭᠠᠯ ᠤᠳ》 ᠭᠡᠵᠦ ᠨᠡᠷᠡᠯᠡᠳᠡᠭ ᠪᠠᠶᠢᠵᠢ᠃ ᠡᠨᠡ ᠨᠢ ᠮᠣᠩᠭᠣᠯ ᠬᠡᠯᠡᠨ ᠳᠦ 《ᠭᠠᠶᠢᠬᠠᠯ ᠤᠳ》 ᠭᠡᠵᠦ ᠪᠠᠭᠤᠭᠰᠠᠨ ᠪᠠᠶᠢᠳᠠᠭ᠃ ᠭᠡᠬᠦ ᠳᠦ ᠪᠡᠨ ᠡᠷᠲᠡ ᠴᠠᠭ ᠤᠨ 《ᠺᠠᠢᠢᠭᠠᠯ ᠤᠳ》 ᠪᠣᠯ ᠠᠷᠠᠳ ᠲᠦᠮᠡᠨ ᠳᠦ ᠪᠡᠨ ᠠᠰᠤᠷᠤ ᠶᠡᠬᠡ ᠨᠡᠷ᠎ᠡ ᠬᠦᠨᠳᠦᠲᠡᠢ ᠪᠠᠶᠢᠭᠰᠠᠨ ᠪᠥᠭᠡᠳ ᠲᠡᠳᠡ ᠨᠤᠲᠤᠭ ᠤᠨ ᠢᠶᠠᠨ ᠠᠷᠠᠳ ᠢᠷᠭᠡᠳ ᠦᠨ ᠲᠥᠯᠥᠭᠡ ᠮᠠᠨᠵᠤ ᠶᠢᠨ ᠳᠠᠷᠤᠩᠭᠤᠶᠢᠯᠠᠭᠴᠢᠳ᠂ ᠲᠡᠳᠡᠨ ᠦ ᠭᠠᠷ ᠬᠥᠯ ᠪᠣᠯᠤᠭᠰᠠᠨ ᠲᠤᠸᠠ ᠨᠣᠶᠠᠳ ᠲᠠᠢ ᠠᠮᠢ ᠬᠠᠶᠢᠷᠠᠯᠠᠬᠤ ᠦᠭᠡᠢ ᠲᠡᠮᠡᠴᠡᠳᠡᠭ ᠪᠠᠶᠢᠵᠠᠢ᠃ ᠲᠤᠪᠠ ᠢᠢᠨ ᠵᠣᠬᠢᠶᠠᠯᠴᠢ ᠶᠦ᠊ ∙ ᠯ ∙ ᠠᠷᠠᠨᠴᠢᠶ ᠺᠠᠶᠢᠭᠠᠯ ᠤᠳ ᠤᠨ ᠲᠤᠬᠠᠢ ᠥᠭᠥᠯᠡᠬᠦ ᠳᠦ ᠪᠡᠨ᠄ 《ᠶᠠᠳᠠᠭᠤ ᠬᠣᠭᠣᠰᠣᠨ ᠦᠯᠡᠳᠡᠭᠰᠡᠨ ᠠᠷᠠᠳ ᠤᠳ ᠤᠨ ᠳᠤᠮᠳᠠ ᠠᠴᠠ ᠰᠢᠢᠳᠮᠡᠭᠡᠢ ᠭᠠᠪᠰᠢᠭᠠᠢ᠂ ᠵᠣᠷᠢᠭᠲᠠᠢ ᠡᠷᠡᠴᠦᠳ ᠢᠯᠭᠠᠷᠠᠨ᠂ ᠳᠠᠷᠤᠯᠠᠭᠴᠢᠳ ᠲᠠᠢ ᠪᠠᠨ ᠪᠡᠶ᠎ᠡ ᠪᠡᠷ ᠦᠵᠡᠯᠴᠡᠵᠦ᠂ ᠳᠣᠷᠣᠮᠵᠢᠯᠠᠭᠳᠠᠭᠰᠠᠨ ᠶᠠᠳᠠᠭᠤᠰ ᠢ ᠥᠮᠥᠭᠡᠷᠡᠳᠡᠭ ᠪᠠᠶᠢᠯ᠎ᠠ᠃ ᠲᠡᠳᠡᠨ ᠢ ᠨᠤᠲᠤᠭ ᠤᠨ ᠬᠢᠨ ᠨᠢ 《ᠭᠠᠶᠢᠬᠠᠯ ᠤᠳ》 ᠭᠡᠳᠡᠭ ᠪᠠᠶᠢᠭᠰᠠᠨ ᠪᠣᠯ ᠬᠥᠷᠰᠢ ᠮᠣᠩᠭᠣᠯᠴᠤᠳ ᠨᠢ 《ᠰᠠᠶᠢᠨ ᠡᠷᠡᠴᠦᠳ》 ᠭᠡᠵᠦ ᠬᠣᠴᠢᠯᠠᠳᠠᠭ ᠪᠠᠶᠢᠭᠰᠠᠨ᠃ ᠲᠤᠸᠠ ᠳᠤ ᠵᠢᠷᠠᠨ ᠪᠠᠭᠠᠲᠤᠷ ᠲᠣᠳᠣᠷᠠᠭ᠎ᠠ ᠦᠭᠡᠢ ᠪᠠᠶᠢᠬᠤ ᠲᠡᠷᠡ ᠦᠶ᠎ᠡ ᠳᠦ 《ᠰᠠᠶᠢᠨ ᠡᠷᠡᠴᠦᠳ》 ᠠᠯᠢ ᠴᠤ ᠬᠣᠰᠢᠭᠤᠨ ᠳᠤ ᠢᠯᠭᠠᠷᠠᠨ ᠭᠠᠷᠴᠠᠢ ᠁》 ᠭᠡᠵᠦ ᠣᠨᠴᠠᠯᠠᠭᠰᠠᠨ ᠪᠠᠶᠢᠬᠤ ᠠᠵᠢ᠃ ᠵᠢᠷᠠᠨ ᠪᠠᠭᠠᠲᠤᠷ ᠭᠡᠰᠡᠨ ᠡᠴᠡ ᠲᠤᠬᠠᠢ ᠶᠢᠨ ᠦᠶ᠎ᠡ ᠶᠢᠨ ᠲᠤᠪᠠ ᠶᠢᠨ ᠰᠢᠨᠤᠬᠠᠢ ᠨᠣᠶᠠᠳ ᠡᠨᠡᠬᠦ ᠵᠢᠷᠠᠨ ᠣᠷᠭᠣᠳᠠᠯ ᠢ ᠠᠷᠠᠳ ᠲᠦᠮᠡᠨ ᠳᠦ ᠪᠡᠨ ᠮᠠᠭᠤ ᠪᠠᠷ ᠬᠠᠷᠠᠭᠳᠠᠭᠤᠯᠬᠤ ᠶᠢᠨ ᠲᠤᠯᠠᠳᠠ 《ᠪᠣᠰᠤᠭᠤᠯ ᠤᠳ》᠂ 《ᠳᠡᠭᠡᠷᠡᠮᠴᠢᠳ》᠂ 《 ᠴᠢᠨᠤ᠎ᠠ ᠨᠤᠭᠤᠳ》᠂ 《ᠮᠠᠭᠤ ᠬᠤᠯᠠᠭᠠᠶᠢᠴᠢ ᠨᠠᠷ》᠂ 《ᠴᠢᠳᠬᠥᠷ ᠦᠳ》᠂ 《ᠳᠤᠷᠭᠠᠨ ᠨᠤᠭᠤᠳ》 ᠭᠡᠬᠦ ᠮᠡᠲᠦ ᠪᠡᠷ ᠮᠠᠭᠤᠴᠢᠯᠠᠨ ᠨᠡᠷᠡᠯᠡᠵᠦ ᠪᠠᠶᠢᠭᠰᠠᠨ ᠠᠴᠠ ᠡᠨᠡ ᠨᠢ ᠪᠦᠲᠦᠨ ᠵᠠᠭᠤᠨ ᠵᠢᠯ ᠦᠨ ᠲᠤᠷᠰᠢ ᠲᠤᠪᠠ ᠶᠢᠨ ᠠᠷᠠᠳ ᠲᠦᠮᠡᠨ ᠦ ᠰᠡᠳᠬᠢᠯ ᠳᠦ ᠬᠠᠳᠠᠭᠠᠰᠤᠲᠠᠢ ᠶᠠᠪᠤᠵᠠᠢ᠃
ᠬᠠᠷᠢᠨ ᠵᠠᠭᠤᠨ ᠵᠢᠯ ᠦᠨ ᠳᠠᠷᠠᠭ᠎ᠠ ᠪᠤᠶᠤ 1980 ᠍ ᠊ᠭᠠᠳ ᠣᠨ ᠤ ᠦᠶ᠎ᠡ ᠳᠦ ᠲᠤᠪᠠ ᠶᠢᠨ ᠲᠡᠦᠬᠡᠴᠢ᠂ ᠰᠤᠳᠤᠯᠤᠭᠠᠴᠢ᠂ ᠵᠣᠬᠢᠶᠠᠯᠴᠢ ᠨᠠᠷ ᠲᠡᠷᠡ ᠬᠦ 《ᠵᠢᠷᠠᠨ ᠣᠷᠭᠣᠳᠠᠯ ᠤᠨ ᠪᠣᠰᠤᠯᠭ᠎ᠠ》 ᠭᠡᠭᠴᠢ ᠶᠢ ᠰᠤᠳᠤᠯᠤᠨ ᠭᠠᠷᠭᠠᠵᠤ ᠢᠷᠡᠭᠡᠳ ᠵᠢᠩᠬᠢᠨᠢ ᠪᠠᠭᠠᠲᠤᠷᠯᠢᠭ ᠲᠡᠮᠡᠴᠡᠯ ᠪᠠᠶᠢᠭᠰᠠᠨ ᠢ ᠨᠢ ᠦᠨᠡᠯᠡᠵᠦ ᠴᠡᠩᠨᠡᠨ᠂ ᠤᠯᠠᠮ ᠢᠶᠠᠷ 1985 ᠣᠨ ᠳᠤ ᠤᠭ ᠪᠣᠰᠤᠯᠭ᠎ᠠ ᠶᠢᠨ ᠵᠠᠭᠤᠨ ᠵᠢᠯ ᠦᠨ ᠣᠢ ᠶᠢ ᠲᠤᠸᠠ ᠳᠠᠶᠠᠭᠠᠷ ᠶᠣᠰᠣᠯᠠᠯ ᠲᠡᠭᠦᠯᠳᠡᠷ ᠲᠡᠮᠳᠡᠭᠯᠡᠵᠡᠢ᠃ ᠡᠭᠦᠪᠡᠷ ᠵᠣᠭᠰᠣᠬᠤ ᠦᠭᠡᠢ 《ᠵᠢᠷᠠᠨ ᠣᠷᠭᠣᠳᠠᠯ ᠤᠨ ᠪᠣᠰᠤᠯᠭ᠎ᠠ》 ᠬᠡᠮᠡᠬᠦ ᠨᠡᠷ᠎ᠡ ᠲᠣᠮᠢᠶ᠎ᠠ ᠶᠢ 《ᠵᠢᠷᠠᠨ ᠪᠠᠭᠠᠲᠤᠷ ᠤᠨ ᠪᠣᠰᠤᠯᠭ᠎ᠠ》 ᠪᠣᠯᠭᠠᠨ ᠥᠭᠡᠷᠡᠴᠢᠯᠡᠬᠦ ᠲᠤᠬᠠᠢ ᠲᠤᠸᠠ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠰᠢᠢᠳᠪᠦᠷᠢ ᠭᠠᠷᠴᠤ᠂ ᠵᠢᠷᠠᠨ ᠪᠠᠭᠠᠲᠤᠷ ᠤᠨ ᠵᠠᠭᠤᠨ ᠵᠢᠯ ᠦᠨ ᠣᠢ ᠶᠢ ᠲᠣᠬᠢᠶᠠᠯᠳᠤᠭᠤᠯᠤᠨ ᠣᠷᠣᠭᠤ-ᠱᠥᠯᠥ᠂ ᠺᠠᠷᠠ-ᠲᠠᠭ ᠬᠡᠮᠡᠬᠦ ᠭᠠᠵᠠᠷ ᠲᠤ ᠳᠤᠷᠠᠰᠬᠠᠯ ᠤᠨ ᠬᠥᠰᠢᠶ᠎ᠡ ᠪᠣᠰᠬᠠᠵᠤ᠂ ᠵᠢᠷᠠᠨ ᠪᠠᠭᠠᠲᠤᠷ ᠤᠨ ᠮᠦᠽᠧᠢ ᠶᠢ ᠨᠡᠭᠡᠭᠡᠵᠦ᠂ ᠲᠤᠪᠠ ᠶᠢᠨ ᠬᠠᠮᠤᠭ ᠤᠨ ᠲᠣᠮᠣ ᠰᠠᠩ ᠤᠨ ᠠᠵᠤ ᠠᠬᠤᠢ ᠶᠢ 《ᠵᠢᠷᠠᠨ ᠪᠠᠭᠠᠲᠤᠷ》 ᠭᠡᠵᠦ ᠨᠡᠷᠡᠯᠡᠬᠦ ᠪᠣᠯᠤᠭᠰᠠᠨ ᠪᠠᠶᠢᠨ᠎ᠠ᠃ ᠡᠶᠢᠨᠬᠦᠦ ᠮᠣᠩᠭᠣᠯ ᠳᠤ 《ᠶᠡᠷᠡᠨ ᠪᠠᠭᠠᠲᠤᠷ ᠤᠨ ᠬᠥᠰᠢᠶ᠎ᠡ》 ᠰᠦᠨᠳᠡᠷᠯᠡᠨ ᠪᠠᠶᠢᠬᠤ ᠦᠶ᠎ᠡ ᠳᠦ ᠲᠤᠸᠠ ᠤᠯᠤᠰ ᠲᠤ ᠵᠢᠷᠠᠨ ᠪᠠᠭᠠᠲᠤᠷ ᠤᠨ ᠬᠥᠰᠢᠶ᠎ᠡ ᠪᠣᠰᠴᠣ ᠪᠠᠶᠢᠭᠰᠠᠨ ᠭᠠᠶᠢᠬᠠᠮ᠎ᠠ ᠲᠡᠦᠬᠡ ᠪᠠᠰᠠ ᠪᠠᠶᠢᠬᠤ ᠠᠵᠢ᠃ ᠡᠭᠦᠨ ᠡᠴᠡ ᠪᠦᠷ ᠡᠮᠦᠨ᠎ᠡ ᠪᠤᠶᠤ 1941 ᠣᠨ ᠳᠤ ᠲᠤᠸᠠ ᠤᠯᠤᠰ ᠤᠨ ᠪᠠᠭ᠎ᠠ ᠬᠤᠷᠠᠯ ᠤᠨ ᠰᠢᠢᠳᠪᠦᠷᠢ ᠪᠡᠷ ᠤᠯᠤᠰ ᠤᠨ ᠢᠶᠠᠨ ᠲᠥᠪ ᠮᠦᠽᠧᠢ ᠶᠢ 《ᠵᠢᠷᠠᠨ ᠪᠠᠭᠠᠲᠤᠷ ᠤᠨ ᠮᠦᠽᠧᠢ》 ᠭᠡᠵᠦ ᠨᠡᠷᠡᠯᠡᠬᠦ ᠪᠣᠯᠤᠭᠰᠠᠨ ᠪᠠᠶᠢᠨ᠎ᠠ᠃ ᠮᠥᠨ 1985 ᠣᠨ ᠳᠤ ᠵᠢᠷᠠᠨ ᠪᠠᠭᠠᠲᠤᠷ ᠤᠨ ᠵᠠᠭᠤᠨ ᠵᠢᠯ ᠦᠨ ᠣᠢ ᠶᠢ ᠲᠣᠬᠢᠶᠠᠯᠳᠤᠭᠤᠯᠤᠨ ᠣᠷᠣᠰ-ᠵᠥᠪᠯᠡᠯᠲᠦ ᠶᠢᠨ ᠵᠦᠴᠦᠭᠡᠴᠢᠨ ᠸ ∙ ᠱ ∙ ᠺᠣᠺ-ᠣᠣᠯ 《ᠰᠠᠮᠪ ᠤᠵ ᠤᠺ》 ᠭᠡᠳᠡᠭ ᠵᠦᠴᠦᠭᠡ ᠪᠢᠴᠢᠵᠦ᠂ ᠵᠣᠬᠢᠶᠠᠯᠴᠢ ᠰ ∙ ᠠ᠊ ∙ ᠰᠠᠷ᠎ᠠ ᠶᠢ-ᠣᠣᠯ 《ᠵᠢᠷᠠᠨᠪᠠᠭᠠᠲᠤᠷ》 ᠬᠡᠮᠡᠬᠦ ᠲᠤᠭᠤᠵᠢ ᠪᠢᠴᠢᠵᠦ᠂ ᠡᠭᠦᠨ ᠳᠦ ᠮᠠᠨᠵᠤ ᠶᠢᠨ ᠳᠠᠷᠤᠯᠠᠯ ᠳᠤ ᠲᠠᠯᠬᠢᠭᠳᠠᠨ ᠵᠣᠪᠠᠵᠤ ᠶᠠᠪᠤᠭᠰᠠᠨ ᠠᠷᠠᠳ ᠣᠯᠠᠨ᠂ ᠲᠡᠭᠦᠨ ᠦ ᠲᠣᠳᠣ ᠢᠯᠡᠷᠡᠯ ᠪᠣᠯᠤᠭᠰᠠᠨ ᠵᠢᠷᠠᠨ ᠪᠠᠭᠠᠲᠤᠷ ᠤᠨ ᠲᠡᠮᠡᠴᠡᠯ ᠦᠨ ᠬᠤᠷᠴᠠ ᠬᠡᠯᠪᠡᠷᠢ ᠶᠢ ᠢᠷᠠᠭᠤ ᠲᠣᠳᠣ ᠲᠤᠰᠬᠠᠵᠠᠢ᠃ ᠲᠡᠭᠦᠨᠴᠢᠯᠡᠨ ᠵᠥᠪᠯᠡᠯᠲᠦ-ᠣᠷᠣᠰ ᠤᠨ ᠭᠠᠪᠢᠶᠠᠳᠤ ᠵᠦᠴᠦᠭᠡᠴᠢᠨ᠂ ᠬᠥᠭᠵᠢᠮ ᠦᠨ ᠵᠣᠬᠢᠶᠠᠯᠴᠢ ᠠ᠊ ∙ ᠪ ∙ ᠴᠤᠷᠭᠠᠯ-ᠣᠣᠯ ᠵᠢᠷᠠᠨ ᠪᠠᠭᠠᠲᠤᠷ ᠲᠤ ᠵᠣᠷᠢᠭᠤᠯᠵᠤ ᠰᠢᠮᠹᠣᠨᠢ ᠲᠤᠭᠤᠷᠪᠢᠵᠤ᠂ ᠵᠥᠪᠯᠡᠯᠲᠦ-ᠣᠷᠣᠰ ᠤᠨ ᠠᠯᠳᠠᠷᠲᠤ ᠵᠢᠷᠤᠭᠠᠴᠢ ᠰ ∙ ᠺ ∙ ᠯᠠᠨᠵᠤ ᠵᠢᠷᠠᠨ ᠪᠠᠭᠠᠲᠤᠷ ᠢ ᠢᠷᠠᠭᠤ ᠰᠠᠶᠢᠬᠠᠨ ᠢᠶᠠᠷ ᠳᠦᠷᠰᠦᠯᠡᠨ ᠦᠵᠡᠭᠦᠯᠵᠡᠢ᠃
ᠲᠡᠷᠲᠡᠭᠡ ᠳᠥᠴᠢᠭᠡᠳ ᠣᠨ ᠤ ᠦᠶ᠎ᠡ ᠳᠦ ᠲᠤᠪᠠ ᠶᠢᠨ ᠶᠡᠷᠦᠩᠬᠡᠶᠢᠯᠡᠭᠴᠢ ᠰ ∙ ᠺ ∙ ᠲᠣᠺᠠ ᠪᠤᠶᠤ 《ᠰᠠᠯᠴᠢᠭ ᠲᠣᠭᠣᠭ᠎ᠠ》 ᠍ ᠶᠢᠨ ᠰᠠᠨᠠᠯ ᠢᠶᠠᠷ ᠲᠤᠪᠠ ᠶᠢᠨ ᠤᠯᠤᠰ ᠲᠥᠷᠥ ᠶᠢᠨ ᠲᠣᠪᠴᠢᠶᠠᠨ ᠠᠴᠠ 《ᠵᠢᠷᠠᠨ ᠪᠠᠭᠠᠲᠤᠷ ᠤᠨ ᠲᠡᠦᠬᠡ ᠶᠢ ᠰᠤᠳᠤᠯᠤᠨ ᠴᠡᠭᠴᠡᠯᠡᠬᠦ ᠺᠣᠮᠢᠰ》 ᠪᠠᠶᠢᠭᠤᠯᠬᠤ ᠲᠤᠬᠠᠢ ᠲᠣᠭᠲᠠᠭᠠᠯ ᠭᠠᠷᠴᠤ᠂ ᠡᠨᠡ ᠲᠠᠯ᠎ᠠ ᠪᠠᠷ ᠲᠤᠪᠠ ᠶᠢᠨ ᠡᠷᠳᠡᠮ ᠦᠨ ᠬᠣᠷᠢᠶ᠎ᠠ ᠪᠣᠯᠤᠨ ᠤᠯᠤᠰ ᠤᠨ ᠲᠥᠪ ᠮᠦᠽᠧᠢ ᠶᠢᠨ ᠭᠠᠵᠠᠷ ᠲᠤ ᠳᠠᠭᠠᠭᠠᠯᠭᠠᠭᠰᠠᠨ ᠢᠶᠠᠷ ᠮᠠᠰᠢ ᠦᠨ᠎ᠡ ᠴᠡᠨ᠎ᠡ ᠲᠡᠢ ᠣᠯᠠᠨ ᠠᠷᠪᠠᠨ ᠮᠠᠲ᠋ᠧᠷᠢᠶᠠᠯ ᠴᠤᠭᠯᠠᠷᠠᠵᠤ᠂ ᠳᠣᠲᠣᠭᠠᠳᠤ᠂ ᠭᠠᠳᠠᠭᠠᠳᠤ ᠳᠠᠶᠢᠰᠤᠨ ᠨᠤᠭᠤᠳ ᠤᠨ ᠡᠰᠡᠷᠭᠥ ᠪᠣᠰᠤᠭᠰᠠᠨ ᠬᠤᠪᠢᠰᠬᠠᠯᠴᠢ ᠵᠢᠷᠠᠨ ᠬᠦᠮᠦᠨ ᠦ ᠨᠠᠮᠲᠠᠷ ᠲᠡᠦᠬᠡ ᠪᠣᠰᠴᠣ ᠢᠷᠡᠭᠰᠡᠨ ᠪᠠᠶᠢᠨ᠎ᠠ᠃ ᠲᠤᠸᠠ ᠨᠠᠷ ᠶᠠᠮᠠᠷ ᠴᠤ ᠪᠠᠶᠢᠭᠰᠠᠨ ᠡᠶᠢᠨᠬᠦᠦ ᠡᠷᠲᠡ ᠴᠠᠭ ᠤᠨ 《ᠺᠠᠢᠢᠭᠠᠯ ᠤᠳ》 ᠍ ᠤᠨ ᠢᠶᠠᠨ ᠠᠯᠳᠠᠷ ᠨᠡᠷ᠎ᠡ ᠶᠢ ᠰᠡᠷᠭᠦᠭᠡᠵᠦ᠂ ᠦᠶ᠎ᠡ ᠶᠢᠨ ᠦᠶ᠎ᠡ ᠳᠦ ᠮᠥᠩᠬᠡᠵᠢᠭᠦᠯᠵᠦ ᠴᠢᠳᠠᠭᠰᠠᠨ ᠪᠠᠶᠢᠬᠤ ᠠᠵᠢ᠃
ᠬᠠᠷᠢᠨ ᠮᠣᠩᠭᠣᠯᠴᠤᠳ ᠪᠢᠳᠡ ᠡᠷᠲᠡ ᠴᠠᠭ ᠤᠨ ᠰᠠᠶᠢᠨ ᠡᠷᠡᠴᠦᠳ ᠢᠶᠡᠨ ᠰᠤᠳᠤᠯᠤᠨ ᠲᠣᠭᠲᠠᠭᠠᠬᠤ ᠠᠵᠢᠯ ᠢ ᠦᠨᠳᠦᠰᠦᠨ ᠳᠦ ᠨᠢ ᠣᠷᠬᠢᠵᠤ᠂ ᠰᠠᠶ᠋ᠢᠬᠠᠨ ᠢ ᠪᠣᠯᠲᠠᠯ᠎ᠠ 《ᠴᠠᠬᠢᠭᠤᠷ》 ᠲᠡᠮᠦᠷ ᠬᠡᠮᠡᠬᠦ ᠵᠣᠬᠢᠶᠠᠯ ᠤᠨ ᠪᠠᠭᠠᠲᠤᠷ ᠠᠴᠠ ᠥᠭᠡᠷ᠎ᠡ ᠬᠦᠮᠦᠨ ᠢ ᠮᠡᠳᠡᠬᠦ ᠦᠭᠡᠢ ᠶᠠᠪᠤᠭᠰᠠᠭᠠᠷ ᠢᠷᠡᠭᠰᠡᠨ ᠪᠢᠯᠡ᠃ ᠶᠠᠮᠠᠷ ᠰᠠᠶᠢᠨ ᠳᠤ ᠪᠠᠨ ᠯᠠ ᠨᠡᠷᠡᠲᠦ ᠨᠡᠶᠢᠲᠡᠯᠡᠯᠴᠢ ᠭᠡᠭᠳᠡᠳᠡᠭ ᠪᠠᠶᠢᠭᠰᠠᠨ 《ᠬᠣᠩᠬᠣᠨ》 ᠍ ᠤ ᠴᠠ ᠠᠭᠰᠠᠨ ᠤ 《ᠴᠠᠬᠢᠭᠤᠷ ᠲᠡᠮᠦᠷ ᠭᠡᠳᠡᠭ ᠴᠢᠨᠢ ᠣᠳᠣ ᠶᠢᠨ ᠬᠢ ᠪᠠᠷ ᠪᠣᠯ ᠮᠢᠬᠠᠨ ᠤ ᠴᠡᠨᠵ ᠮᠠᠶ᠋ᠢᠭ ᠤᠨ ᠬᠦᠮᠦᠨ ᠪᠠᠶᠢᠵᠠᠢ》 ᠭᠡᠵᠦ ᠮᠡᠳᠡᠮᠡᠬᠡᠶᠢᠷᠡᠵᠦ ᠪᠢᠴᠢᠭᠰᠡᠨ ᠢ ᠬᠡᠪᠯᠡᠯ ᠦᠨ ᠬᠢᠨ ᠰᠢᠭᠦᠷᠴᠥ ᠠᠪᠤᠭᠠᠳ ᠯᠠ ᠮᠠᠨᠳᠤᠭᠤᠯᠵᠤ ᠪᠠᠶᠢᠭᠰᠠᠨ ᠢ ᠶᠠᠭᠠᠬᠢᠨ᠎ᠠ᠃ ᠴᠠ ᠴᠤ ᠲᠡᠷᠡ᠂ ᠬᠡᠪᠯᠡᠯ ᠦᠨ ᠬᠢᠨ ᠴᠤ ᠲᠡᠷᠡ ᠬᠡᠨ ᠬᠡᠨ ᠨᠢ ᠡᠷᠲᠡ ᠴᠠᠭ ᠤᠨ ᠰᠠᠶᠢᠨ ᠡᠷᠡᠴᠦᠳ ᠦᠨ ᠲᠠᠯ᠎ᠠ ᠪᠠᠷ ᠶᠠᠭᠤ ᠴᠤ ᠤᠩᠰᠢᠵᠤ ᠰᠤᠳᠤᠯᠤᠭ᠎ᠠ ᠦᠭᠡᠢ ᠪᠣᠯᠬᠣᠷ ᠥᠷᠥᠪᠳᠥᠮᠡᠷ᠃ ᠭᠡᠬᠦ ᠳᠦ ᠪᠡᠨ ᠤᠩᠰᠢᠵᠤ ᠰᠤᠳᠤᠯᠤᠭ᠎ᠠ ᠦᠭᠡᠢ ᠪᠠᠶᠢᠵᠤ ᠪᠣᠯᠤᠨ᠎ᠠ᠃ ᠬᠠᠮᠤᠭ ᠤᠨ ᠭᠣᠣᠯ ᠨᠢ ᠲᠡᠷᠡ ᠬᠡᠮᠵᠢᠶ᠎ᠡ ᠪᠡᠷ ᠢᠶᠡᠨ ᠳᠠᠭᠤ ᠦᠭᠡᠢ ᠰᠠᠭᠤᠵᠤ ᠪᠠᠶᠢᠬᠤ ᠶᠣᠰᠣᠲᠠᠢ ᠯᠠ ᠳ᠋ᠠ᠃ ᠴᠠ ᠠᠭᠰᠠᠨ ᠤ ᠬᠤᠪᠢ ᠳᠤ ᠪᠣᠯ ᠳᠥᠴᠢᠨ ᠮᠢᠩᠭᠠᠲᠤ ᠶᠢᠨ ᠲᠠᠭᠲᠤᠨ ᠳᠡᠭᠡᠷ᠎ᠡ ᠥᠰᠦᠭᠰᠡᠨ᠂ ᠲᠡᠭᠡᠭᠡᠳ ᠡᠷᠬᠦᠦ ᠳᠦ ᠰᠤᠷᠴᠤ ᠪᠠᠶᠢᠬᠤ ᠳᠤ ᠪᠠᠨ ᠳᠠᠭᠤᠤ ᠬᠥᠭᠵᠢᠮ᠂ ᠭᠢᠲ᠋ᠠᠷ ᠡᠨᠡ ᠲᠡᠷᠡ ᠭᠡᠳ ᠶᠠᠪᠤᠴᠢᠬᠠᠭᠰᠠᠨ ᠪᠣᠯᠬᠣᠷ ᠡᠷᠲᠡ ᠴᠠᠭ ᠤᠨ ᠰᠢᠯᠢ ᠶᠢᠨ ᠡᠷᠡᠴᠦᠳ ᠦᠨ ᠲᠤᠬᠠᠢ ᠬᠡᠳᠦᠢ ᠳᠦ ᠪᠡᠨ ᠶᠠᠭᠤ ᠪᠠᠨ ᠰᠤᠳᠤᠯᠵᠤ ᠮᠡᠳᠡᠬᠦ ᠪᠢᠯᠡ ᠳ᠋ᠡ᠂ ᠵᠠᠶᠢᠯᠠᠭᠤᠯ᠃ ᠣᠰᠤᠯᠲᠠᠯ ᠦᠭᠡᠢ ᠯᠠ 《ᠲᠤᠩᠭᠠᠯᠠᠭ ᠲᠠᠮᠢᠷ》 ᠺᠢᠨᠣ ᠶᠢ ᠦᠵᠡᠭᠰᠡᠨ᠂ ᠰᠢᠯᠢ ᠶᠢᠨ ᠰᠠᠶᠢᠨ ᠡᠷ᠎ᠡ ᠭᠡᠵᠦ 《ᠴᠠᠬᠢᠭᠤᠷ》 ᠲᠡᠮᠦᠷ ᠰᠢᠭ ᠡᠶᠢᠮᠦ ᠤᠯᠤᠰ ᠪᠠᠶᠢᠭᠰᠠᠨ ᠶᠤᠮ ᠪᠠᠶᠢᠨ᠎ᠠ ᠭᠡᠳᠡᠭ ᠢ ᠪᠦᠳᠡᠭᠢ ᠪᠠᠳᠠᠭᠢ ᠮᠡᠳᠡᠬᠦ ᠲᠡᠢ ᠪᠡᠨ ᠪᠣᠯᠣᠭᠰᠠᠨ ᠠᠴᠠ ᠴᠠᠰᠢ ᠦᠭᠡᠢ ᠰᠢᠦ ᠳ᠋ᠡ᠂ ᠬᠥᠭᠡᠷᠦᠬᠦᠢ᠃ ᠲᠣᠳᠣᠷᠬᠠᠢ ᠤᠩᠰᠢᠵᠤ ᠰᠤᠳᠤᠯᠤᠭ᠎ᠠ ᠦᠭᠡᠢ ᠪᠠᠶᠢᠵᠤ ᠴᠡᠭᠡᠵᠢᠨ ᠦ ᠬᠢ ᠪᠡᠨ ᠪᠠᠭᠴᠠᠭ᠎ᠠ ᠪᠠᠷ ᠬᠠᠮᠢᠶ᠎ᠠ ᠨᠠᠮᠢᠶ᠎ᠠ ᠦᠭᠡᠢ ᠢᠩᠭᠢᠵᠦ ᠪᠤᠷᠠᠵᠤ ᠪᠣᠯᠳᠠᠭ ᠦᠭᠡᠢ ᠶᠤᠮ ᠪᠠᠶᠢᠨ᠎ᠠ ᠭᠡᠳᠡᠭ ᠢ ᠡᠨᠳᠡ ᠡᠴᠡ ᠮᠡᠳᠡᠵᠦ ᠠᠪᠤᠭᠤᠰᠢᠲᠠᠢ᠃
ᠣᠳᠣ ᠠᠴᠠ ᠵᠠᠭᠤ ᠭᠠᠷᠤᠢ ᠵᠢᠯ ᠦᠨ ᠲᠡᠷᠲᠡᠭᠡ ᠲᠤᠸᠠ ᠤᠯᠤᠰ ᠲᠤ 《ᠵᠢᠷᠠᠨ ᠣᠷᠭᠣᠳᠠᠯ ᠤᠨ ᠪᠣᠰᠤᠯᠭ᠎ᠠ》 ᠭᠡᠭᠴᠢ ᠨᠢ ᠵᠦᠭᠡᠷ ᠯᠠ ᠬᠠᠷ᠎ᠠ ᠠᠶᠠᠨᠳᠠᠭᠠᠨ ᠳᠡᠭᠳᠡᠭᠡᠳ ᠢᠷᠡᠭᠰᠡᠨ ᠬᠡᠷᠡᠭ ᠪᠢᠰᠢ ᠶᠤᠮ ᠪᠠᠶᠢᠨ᠎ᠠ᠃ ᠲᠤᠬᠠᠢ ᠶᠢᠨ ᠦᠶ᠎ᠡ ᠳᠦ ᠲᠤᠸᠠ ᠤᠯᠤᠰ ᠲᠤ ᠮᠠᠨᠵᠤ ᠶᠢᠨ ᠳᠠᠷᠤᠩᠭᠤᠶᠢᠯᠠᠯ ᠳᠡᠭᠡᠳᠦ ᠴᠡᠭ ᠲᠦ ᠪᠡᠨ ᠬᠦᠷᠴᠦ᠂ ᠠᠷᠠᠳ ᠲᠦᠮᠡᠨ ᠦ ᠬᠢ ᠨᠢ ᠠᠮᠢᠳᠤᠷᠠᠯ ᠲᠤᠶᠢᠯ ᠤᠨ ᠬᠦᠨᠳᠦ ᠪᠠᠶᠢᠳᠠᠯ ᠲᠠᠢ ᠪᠣᠯᠵᠤ ᠢᠷᠡᠵᠡᠢ᠃ ᠡᠨᠡ ᠲᠤᠬᠠᠢ ᠲᠤᠸᠠ ᠠᠷᠠᠳ ᠤᠨ 《ᠶᠡᠬᠡ ᠰᠥᠨᠢ》 ᠬᠡᠮᠡᠬᠦ ᠲᠤᠭᠤᠵᠢ ᠳᠤ ᠥᠬᠦᠯᠡᠬᠦ ᠳᠦ ᠪᠡᠨ᠄ 《 ᠁ ᠠᠵᠠᠢ ᠪᠤᠭᠤᠷᠤᠯ ᠤᠷᠲᠤ ᠨᠠᠰᠤᠲᠠᠢ ᠣᠨᠢᠰᠤᠭ᠎ᠠ ᠪᠣᠯᠤᠭᠰᠠᠨ ᠴᠠᠭ ᠤᠨ ᠴᠠᠭ ᠲᠤ ᠮᠠᠨ ᠤ ᠲᠦᠷᠦᠭᠰᠡᠨ ᠭᠠᠵᠠᠷ ᠨᠤᠲᠤᠭ ᠲᠤ ᠮᠠᠨᠵᠤ-ᠬᠢᠲᠠᠳ ᠤᠨ ᠰᠦᠷᠳᠡᠮᠡᠷ ᠡᠵᠡᠯᠡᠨ ᠲᠦᠷᠢᠮᠡᠭᠡᠶᠢᠯᠡᠭᠴᠢᠳ ᠢᠷᠡᠭᠰᠡᠨ ᠶᠤᠮ᠃ ᠭᠠᠯᠵᠠᠭᠤᠷᠠᠭᠰᠠᠨ ᠳᠠᠶᠢᠰᠤᠨ ᠨᠤᠭᠤᠳ ᠦᠢᠯᠡ ᠶᠢᠨ ᠦᠷ᠎ᠡ ᠲᠡᠢ ᠲᠦᠷᠦᠭᠰᠡᠨ ᠲᠤᠸᠠ ᠨᠤᠲᠤᠭ ᠤᠨ ᠳᠡᠯᠭᠡᠷ ᠰᠠᠶᠢᠬᠠᠨ ᠨᠤᠲᠤᠭ ᠢᠶᠠᠷ᠂ ᠲᠠᠭ ᠤᠨ ᠠᠭᠤᠯᠠᠰ ᠤᠨ ᠥᠨᠳᠥᠷ ᠰᠠᠶᠢᠬᠠᠨ ᠣᠷᠣᠢ ᠪᠠᠷ ᠬᠠᠷᠠᠩᠭᠤᠶᠢᠯᠠᠵᠤ ᠳᠠᠭᠠᠷᠢᠯᠳᠤᠭᠰᠠᠨ ᠭᠠᠵᠠᠷ ᠪᠦᠬᠦᠨ ᠳᠦ ᠦᠬᠦᠯ᠂ ᠵᠣᠪᠠᠯᠠᠩ᠂ ᠬᠣᠭᠣᠰᠣᠷᠠᠯ ᠢ ᠲᠠᠷᠢᠵᠤ ᠤᠷᠤᠭᠰᠢᠯᠠᠨ ᠮᠥᠯᠬᠥᠵᠦ ᠪᠠᠶᠢᠪᠠ᠃ ᠴᠢᠰᠤᠨ ᠳᠤ ᠴᠠᠳᠳᠠᠭ ᠦᠭᠡᠢ ᠵᠡᠷᠯᠢᠭ ᠳᠠᠶᠢᠰᠤᠨ ᠨᠤᠭᠤᠳ ᠬᠣᠨᠣᠭᠰᠠᠨ ᠭᠠᠵᠠᠷ ᠪᠦᠬᠦᠨ ᠳᠦ ᠪᠡᠨ ᠰᠢᠷ᠎ᠠ ᠶᠢ ᠵᠤᠤ ᠵᠤᠤ ᠪᠠᠷ ᠨᠢ᠂ ᠬᠣᠩ ᠢ ᠮᠢᠩᠭ᠎ᠠ ᠮᠢᠩᠭ᠎ᠠ ᠪᠠᠷ ᠨᠢ ᠢᠳᠡᠵᠦ᠂ ᠴᠢᠰᠤ ᠪᠠᠷ ᠳᠦᠭᠦᠷᠦᠭᠰᠡᠨ ᠨᠠᠭᠤᠷ ᠴᠥᠭᠦᠷᠦᠮ ᠦᠯᠡᠳᠡᠭᠡᠳᠡᠭ ᠪᠠᠶᠢᠵᠠᠢ᠃ ᠪᠤᠯᠢᠶᠠᠨ ᠠᠪᠤᠭᠰᠠᠨ ᠡᠷᠳᠡᠨᠢ ᠪᠠᠶᠠᠯᠢᠭ ᠢ ᠠᠴᠢᠭᠰᠠᠨ ᠲᠡᠮᠡᠭᠡᠨ ᠵᠢᠩ ᠦᠨ ᠴᠤᠪᠤᠭ᠎ᠠ ᠲᠡᠳᠡᠨ ᠦ ᠬᠣᠶᠢᠨᠠ ᠠᠴᠠ ᠲᠠᠰᠤᠷᠠᠯᠲᠠ ᠦᠭᠡᠢ ᠴᠤᠪᠤᠨ᠂ ᠨᠣᠭᠣᠭᠠᠷᠠᠨ ᠬᠠᠷᠠᠭᠳᠠᠬᠤ ᠲᠠᠯ᠎ᠠ ᠳᠤ ᠬᠠᠷᠠᠯᠠᠨ ᠦᠯᠡᠳᠡᠬᠦ ᠤᠯᠠ ᠮᠥᠷ ᠨᠢ ᠰᠣᠷᠪᠢ ᠪᠣᠯᠵᠤ ᠦᠯᠡᠳᠡᠪᠡ᠃ ᠠᠶᠤᠵᠤ ᠴᠣᠴᠢᠭᠰᠠᠨ ᠮᠠᠨ ᠤ ᠢᠷᠭᠡᠳ ᠮᠠᠯ ᠰᠦᠷᠦᠭ᠂ ᠡᠳ᠋ ᠬᠣᠭᠰᠢᠯ ᠢᠶᠠᠨ ᠣᠷᠬᠢᠭᠠᠳ ᠭᠦᠨ ᠡᠵᠡᠭᠦᠢ ᠣᠢ ᠬᠥᠪᠴᠢ ᠤᠷᠤᠭᠤ ᠵᠢᠭᠤᠳᠠᠵᠤ ᠣᠳᠤᠭᠰᠠᠨ᠃ ᠭᠡᠪᠡᠴᠦ ᠵᠡᠷᠯᠢᠭ ᠠᠷᠢᠶᠠᠲᠠᠨ ᠴᠢᠳᠬᠥᠷ ᠦᠳ ᠦᠨ ᠡᠵᠡᠮᠰᠢᠯ ᠢ ᠵᠣᠭᠰᠣᠭᠠᠵᠤ᠂ ᠡᠷᠭᠢᠭᠦᠯᠦᠨ ᠪᠤᠴᠠᠭᠠᠬᠤ ᠶᠢ ᠡᠷᠡᠮᠡᠯᠵᠡᠭᠰᠡᠨ ᠵᠣᠷᠢᠭᠲᠤ ᠡᠷᠡᠴᠦᠳ ᠣᠯᠠᠨ ᠪᠠᠶᠢᠪᠠ᠃ ᠲᠡᠳᠡ ᠳᠠᠶᠢᠰᠤᠨ ᠤ ᠡᠮᠦᠨᠡᠬᠢ ᠡᠩᠨᠡᠭᠡ ᠤᠷᠤᠭᠤ ᠬᠠᠷᠴᠠᠭ᠎ᠠ ᠶᠢᠨ ᠨᠢᠰᠦᠯᠲᠡ ᠪᠡᠷ ᠭᠡᠨᠡᠳᠲᠡ ᠳᠠᠭᠠᠷᠢᠨ ᠣᠷᠣᠵᠤ᠂ ᠲᠡᠷᠡ ᠬᠦ ᠠᠷᠢᠶᠠᠲᠠᠨ ᠴᠠᠭᠠᠨ ᠴᠡᠷᠢᠭ ᠢ ᠠᠶᠤᠯᠭᠠᠨ ᠰᠦᠷᠳᠡᠭᠦᠯᠵᠦ᠂ ᠰᠠᠨᠠᠭ᠎ᠠ ᠰᠡᠳᠬᠢᠯ ᠢ ᠨᠢ ᠠᠯᠳᠠᠭᠳᠠᠭᠤᠯᠤᠨ ᠰᠠᠭᠠᠲᠠᠭᠤᠯᠵᠤ ᠵᠣᠭᠰᠣᠭᠠᠬᠤ ᠳᠤ᠂ ᠲᠡᠳᠡ ᠰᠠᠨᠳᠣᠷᠣᠭᠰᠠᠨ ᠳᠤ ᠪᠠᠨ ᠤᠬᠤᠷᠢᠵᠤ᠂ ᠭᠠᠵᠠᠷ ᠲᠤ ᠨᠦᠬᠡ ᠤᠬᠣᠨ ᠠᠮᠢ ᠪᠠᠨ ᠬᠠᠮᠠᠭᠠᠯᠠᠳᠠᠭ ᠪᠠᠶᠢᠵᠠᠢ᠃ ᠮᠠᠨ ᠤ ᠲᠦᠷᠦᠭᠰᠡᠨ ᠨᠤᠲᠤᠭ ᠢ ᠡᠵᠡᠯᠡᠨ ᠠᠪᠬᠤ ᠶᠢᠨ ᠲᠤᠯᠠᠳᠠ ᠪᠤᠵᠠᠷ ᠰᠢᠨᠤᠬᠠᠢ ᠳᠠᠶᠢᠰᠤᠨ ᠨᠤᠭᠤᠳ ᠲᠣᠭᠠᠨ ᠤ ᠢᠯᠡᠭᠦᠦ ᠪᠡᠨ ᠠᠰᠢᠭᠯᠠᠨ ᠰᠢᠷᠦᠭᠦᠨ ᠳᠣᠭᠰᠢᠨ ᠢᠶᠠᠷ ᠳᠠᠭᠠᠷᠢᠨ ᠳᠠᠪᠰᠢᠯᠠᠭᠰᠠᠭᠠᠷ ᠪᠠᠶᠢᠵᠠᠢ ᠁》 ᠭᠡᠬᠦ ᠮᠡᠲᠦ ᠪᠡᠷ ᠳᠦᠷᠰᠦᠯᠡᠵᠡᠢ᠃
ᠮᠠᠨᠵᠤ ᠨᠠᠷ ᠵᠡᠭᠦᠨ ᠭᠠᠷ ᠤᠨ ᠬᠠᠭᠠᠨᠲᠤ ᠤᠯᠤᠰ ᠢ ᠬᠡᠷᠬᠢᠨ ᠮᠥᠬᠥᠭᠡᠭᠰᠡᠨ ᠲᠤᠬᠠᠢ ᠬᠢᠲᠠᠳ ᠤᠨ ᠲᠡᠦᠬᠡᠨ ᠳᠦ 《ᠠᠭᠤᠷᠯᠠᠨ ᠬᠢᠯᠢᠩᠨᠡᠭᠰᠡᠨ ᠡᠵᠡᠨ ᠬᠠᠭᠠᠨ ᠤ ᠶᠠᠪᠤᠭᠤᠯᠤᠭᠰᠠᠨ ᠭᠤᠷᠪᠠᠨ ᠺᠣᠷᠫᠤᠶᠢᠰ ᠴᠡᠷᠢᠭ ᠥᠭᠡᠯᠡᠳ ᠦᠨ ᠨᠤᠲᠤᠭ ᠲᠤ ᠳᠠᠭᠠᠷᠢᠨ ᠣᠷᠣᠵᠤ᠂ ᠨᠠᠰᠤ ᠰᠡᠭᠦᠳᠡᠷ᠂ ᠡᠷᠡᠭᠲᠡᠢ ᠡᠮᠡᠭᠲᠡᠢ ᠶᠢ ᠦᠯᠦ ᠬᠠᠷᠠᠭᠠᠯᠵᠠᠨ ᠣᠯᠠᠨ ᠮᠢᠩᠭᠠᠨ ᠬᠦᠮᠦᠨ ᠢ ᠠᠯᠠᠨ ᠬᠢᠳᠤᠬᠤ ᠳᠤ᠂ ᠲᠡᠭᠦᠨ ᠡᠴᠡ ᠵᠢᠭᠤᠲᠠᠭᠰᠠᠨ ᠬᠦᠮᠦᠰ ᠮᠤᠨᠠᠴᠠ ᠶᠢᠨ ᠠᠭᠤᠯᠠ ᠶᠢᠨ ᠬᠠᠪᠴᠢᠯ ᠳᠤ ᠨᠢᠭᠤᠭᠳᠠᠨ ᠬᠣᠷᠭᠣᠳᠠᠭᠰᠠᠨ ᠴᠤ ᠲᠡᠳᠡᠨ ᠡᠴᠡ ᠭᠠᠭᠴᠠ ᠶᠢ ᠴᠤ ᠦᠯᠡᠳᠡᠭᠡᠬᠦ ᠦᠭᠡᠢ ᠪᠡᠷ ᠠᠯᠠᠵᠤ ᠬᠢᠳᠤᠭᠰᠠᠨ》 ᠭᠡᠵᠦ ᠪᠢᠴᠢᠭᠳᠡᠭᠰᠡᠨ ᠨᠢ 《ᠶᠡᠬᠡ ᠰᠥᠨᠢ》 ᠲᠤᠭᠤᠵᠢ ᠶᠢᠨ ᠦᠵᠡᠯ ᠰᠠᠨᠠᠭ᠎ᠠ ᠦᠨᠳᠦᠰᠦᠯᠡᠯ ᠦᠭᠡᠢ ᠵᠦᠢᠯ ᠪᠢᠰᠢ ᠶᠢ ᠬᠠᠷᠠᠭᠤᠯᠤᠨ᠎ᠠ᠃ ᠲᠤᠪᠠ ᠶᠢᠨ ᠵᠣᠬᠢᠶᠠᠯᠴᠢ ᠶᠦ᠊ ∙ ᠯ ∙ ᠠᠷᠠᠨᠴᠢᠢ 《ᠵᠢᠷᠠᠨ ᠪᠠᠭᠠᠲᠤᠷ ᠤᠨ ᠪᠣᠰᠤᠯᠭ᠎ᠠ》 ᠬᠡᠮᠡᠬᠦ ᠨᠣᠮ ᠪᠢᠴᠢᠭᠰᠡᠨ ᠪᠠᠶᠢᠬᠤ ᠪᠥᠭᠡᠳ ᠡᠭᠦᠨ ᠢ ᠮᠣᠩᠭᠣᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ᠂ ᠬᠤᠷᠠᠨᠳᠠ ᠴᠢᠯᠠᠭᠤᠨᠪᠠᠲᠤ ᠶᠢᠨ ᠠᠯᠲᠠᠨᠭᠡᠷᠡᠯ ᠮᠣᠩᠭᠣᠯ ᠬᠡᠯᠡ ᠳᠡᠭᠡᠷ᠎ᠡ ᠣᠷᠴᠢᠭᠤᠯᠵᠠᠢ᠃ ᠵᠠᠷᠢᠮ ᠠᠴᠠ ᠨᠢ ᠲᠣᠪᠴᠢᠯᠠᠨ ᠰᠡᠶᠢᠷᠡᠭᠦᠯᠪᠡᠰᠦ᠄
᠁ ᠨᠣᠶᠠᠳ ᠲᠦᠰᠢᠮᠡᠳ ᠦᠨ ᠰᠢᠢᠳᠪᠦᠷᠢ ᠪᠡᠷ ᠲᠤᠪᠠ ᠶᠢᠨ ᠠᠷᠠᠳ ᠤᠳ ᠬᠢᠵᠠᠭᠠᠷ ᠤᠨ ᠬᠠᠷᠠᠭᠤᠯ ᠳᠤ ᠪᠠᠰᠠ ᠴᠡᠷᠢᠭ ᠦᠨ ᠡᠭᠦᠷᠭᠡ ᠭᠦᠢᠴᠡᠳᠭᠡᠵᠦ ᠪᠠᠶᠢᠪᠠ᠃ ᠲᠡᠳᠡᠨ ᠦ ᠳᠠᠭᠠᠭᠠᠮᠠᠯ ᠢᠶᠠᠷ ᠮᠣᠩᠭᠣᠯ᠂ ᠬᠢᠲᠠᠳ ᠳᠠᠷᠤᠭ᠎ᠠ ᠨᠠᠷ ᠢ ᠲᠣᠮᠢᠯᠠᠳᠠᠭ ᠪᠠᠶᠢᠵᠠᠢ᠃ ᠲᠡᠳᠡ ᠲᠤᠸᠠ ᠨᠠᠷ ᠢ ᠥᠪᠡᠷ ᠦᠨ ᠵᠠᠷᠤᠴᠠ ᠮᠡᠲᠦ ᠦᠵᠡᠵᠦ᠂ ᠳᠤᠷ᠎ᠠ ᠪᠠᠷ ᠢᠶᠠᠨ ᠠᠭᠠᠰᠢᠯᠠᠨ ᠵᠠᠷᠤᠴᠠᠯᠠᠵᠤ ᠪᠠᠶᠢᠯ᠎ᠠ᠃ ᠵᠢᠱᠢᠶ᠎ᠡ ᠨᠢ᠂ 1897 ᠣᠨ ᠳᠤ ᠤᠷᠲᠤᠨᠠᠰᠣᠨ ᠭᠡᠭᠴᠢ ᠳᠠᠷᠤᠭ᠎ᠠ᠂ ᠠᠮᠪᠠᠨ ᠨᠣᠶᠠᠨ ᠬᠣᠶᠠᠷ ᠤᠨ ᠬᠣᠭᠣᠷᠣᠨᠳᠣ ᠬᠠᠷᠢᠯᠴᠠᠭᠰᠠᠨ ᠵᠠᠬᠢᠳᠠᠯ ᠳᠤ ᠬᠢᠵᠠᠭᠠᠷ ᠤᠨ ᠴᠡᠷᠢᠭ ᠦᠨ ᠡᠩᠬᠡ ᠭᠡᠭᠴᠢ ᠳᠠᠷᠤᠭ᠎ᠠ ᠶᠢᠨ ᠲᠤᠬᠠᠢ ᠦᠭᠦᠯᠡᠵᠡᠢ᠃ ᠲᠡᠭᠦᠨ ᠳᠦ᠄ 《ᠲᠡᠷᠡ ᠡᠩᠬᠡ ᠭᠡᠳᠡᠭ ᠳᠠᠷᠤᠭ᠎ᠠ ᠴᠡᠷᠢᠭ ᠦᠨ ᠠᠯᠪᠠ ᠬᠠᠭᠠᠵᠤ ᠪᠤᠢ ᠲᠤᠸᠠ ᠡᠷᠡᠴᠦᠳ ᠢ ᠳᠤᠷ᠎ᠠ ᠪᠠᠷ ᠢᠶᠠᠨ ᠵᠠᠷᠤᠵᠤ᠂ ᠲᠦᠯᠡᠰᠢ ᠲᠡᠭᠦᠯᠭᠡᠬᠦ᠂ ᠮᠠᠯ ᠤᠨ ᠬᠠᠰᠢᠶ᠎ᠠ ᠴᠡᠪᠡᠷᠯᠡᠭᠦᠯᠬᠦ᠂ ᠮᠠᠯ ᠮᠠᠯᠯᠠᠭᠤᠯᠬᠤ᠂ ᠬᠣᠭᠣᠯᠠ ᠤᠮᠳᠠ ᠪᠠᠨ ᠬᠢᠯᠭᠡᠬᠦ᠂ ᠢᠳᠡᠰᠢᠨ ᠦ ᠮᠠᠯ ᠢᠶᠠᠨ ᠲᠤᠸᠠ ᠠᠶᠢᠯ ᠤᠳ ᠠᠴᠠ ᠠᠪᠬᠠᠭᠤᠯᠤᠨ᠂ ︿ᠲᠤᠷᠠᠩᠬᠠᠢ ᠮᠠᠯ ᠠᠪᠴᠤ ᠢᠷᠡᠭᠰᠡᠨ ᠭᠡᠬᠦ ᠪᠤᠶᠤ ᠡᠭᠦᠷᠭᠡ ᠡᠰᠡ ᠪᠡᠶᠡᠯᠡᠭᠦᠯᠦᠯ᠎ᠡ﹀ ᠭᠡᠵᠦ ᠳᠤᠷ᠎ᠠ ᠵᠣᠷᠢᠭ ᠢᠶᠠᠷ ᠢᠶᠠᠨ ᠵᠣᠳᠣᠳᠠᠭ ᠪᠠᠶᠢᠨ᠎ᠠ᠃ ᠠᠷᠠᠳ ᠺᠣᠩ ᠢᠶᠠᠰᠢᠲᠠᠢ ᠶᠢ ᠰᠡᠭᠦᠯᠴᠢ ᠶᠢᠨ ᠭᠠᠭᠴᠠ ᠬᠣᠨᠢ ᠪᠠᠨ ᠠᠪᠴᠤ ᠢᠷᠡᠬᠦ ᠳᠦ ᠨᠢ ᠡᠩᠬᠡ ᠬᠠᠷᠠᠭᠠᠳ ︿ᠲᠤᠷᠠᠩᠬᠠᠢ ᠮᠠᠯ ᠠᠪᠴᠤ ᠢᠷᠡᠯ᠎ᠡ﹀ ᠭᠡᠵᠦ ᠲᠡᠭᠦᠨ ᠢ ᠬᠦᠯᠢᠵᠦ᠂ ᠱᠠᠬᠠᠢ ᠪᠠᠷ ᠤᠬᠠᠭᠠᠨ ᠠᠯᠠᠳᠠᠲᠠᠯᠠ ᠵᠣᠳᠣᠵᠤ᠂ ᠪᠠᠷᠠᠭᠤᠨ ᠨᠢᠳᠦ ᠶᠢ ᠨᠢ ᠭᠡᠮᠲᠦᠭᠡᠭᠰᠡᠨ ᠤᠴᠢᠷ ᠯᠠᠮᠠ ᠪᠠᠷ ᠡᠮᠴᠢᠯᠡᠭᠦᠯᠵᠦ ᠡᠳ᠋ ᠬᠣᠭᠰᠢᠯ ᠢᠶᠠᠨ ᠥᠭᠴᠦ ᠬᠣᠭᠣᠰᠣᠷᠠᠭᠰᠠᠨ ᠪᠠᠶᠢᠨ᠎ᠠ᠃ ᠮᠥᠨ ᠡᠩᠬᠡ ᠴᠢᠮᠵ ᠤᠷᠠᠨ ᠭᠡᠳᠡᠭ ᠬᠦᠮᠦᠨ ᠦ 14 ᠨᠠᠰᠤᠲᠠᠢ ᠥᠬᠢᠨ ᠢ ᠬᠦᠴᠦᠨᠳᠡᠵᠦ᠂ ᠳᠥᠩᠭᠡᠯᠡᠵᠦ᠂ ᠳᠣᠭᠰᠢᠨ ᠰᠢᠷᠦᠭᠦᠨ ᠬᠠᠷᠢᠴᠠᠵᠤ᠂ ᠱᠠᠬᠠᠢ ᠪᠠᠷ ᠵᠣᠳᠣᠭᠰᠠᠨ ᠪᠠᠶᠢᠨ᠎ᠠ᠃ ᠡᠨᠡ ᠮᠡᠲᠦ ᠶᠢᠨ ᠳᠤᠷ᠎ᠠ ᠪᠠᠷ ᠢᠶᠠᠨ ᠠᠭᠠᠰᠢᠯᠠᠭᠴᠢᠳ ᠢ ᠬᠥᠭᠡᠭᠡᠵᠦ ᠶᠠᠪᠤᠭᠤᠯᠬᠤ ᠠᠷᠭ᠎ᠠ ᠪᠠᠶᠢᠭᠰᠠᠨ ᠦᠭᠡᠢ᠃ ᠲᠡᠭᠦᠨᠴᠢᠯᠡᠨ ᠮᠣᠩᠭᠣᠯ ᠡᠷᠬᠡ ᠮᠡᠳᠡᠯᠲᠡᠨ ᠨᠦᠭᠦᠳ ᠵᠢᠯ ᠪᠦᠷᠢ ᠠᠯᠪᠠᠨ ᠲᠠᠲᠠᠪᠤᠷᠢ ᠠᠪᠬᠤ ᠠᠴᠠ ᠭᠠᠳᠠᠨ᠎ᠠ ᠭᠤᠷᠪᠠᠨ ᠵᠢᠯ ᠲᠤᠲᠤᠮ ᠳᠤ ᠮᠢᠩᠭ᠎ᠠ ᠮᠢᠩᠭᠠᠨ ᠮᠠᠯ ᠠᠪᠴᠤ᠂ ᠬᠦᠨᠳᠦ ᠪᠠᠶᠢᠳᠠᠯ ᠳᠤ ᠣᠷᠣᠭᠤᠯᠳᠠᠭ ᠪᠠᠶᠢᠪᠠ᠃ ᠢᠩᠭᠢᠵᠦ ᠬᠢᠯᠢ ᠬᠢᠵᠠᠭᠠᠷ ᠲᠣᠭᠲᠠᠭᠠᠭᠰᠠᠨ ᠶᠠᠪᠤᠳᠠᠯ ᠨᠢ ᠲᠤᠸᠠ ᠠᠶᠢᠮᠠᠭ ᠤᠳ ᠢ ᠨᠢᠭᠡᠳᠬᠡᠵᠦ᠂ ᠲᠤᠸᠠ ᠤᠯᠤᠰ ᠪᠠᠶᠢᠭᠤᠯᠤᠭᠳᠠᠬᠤ ᠳᠤ ᠲᠦᠯᠬᠢᠴᠡ ᠪᠣᠯᠤᠨ ᠲᠦᠷᠭᠡᠳᠬᠡᠭᠰᠡᠨ ᠪᠠᠶᠢᠨ᠎ᠠ᠃ ᠭᠡᠪᠡᠴᠦ ᠰᠢᠨ᠎ᠡ ᠪᠡᠷ ᠲᠣᠭᠲᠠᠭᠠᠭᠰᠠᠨ ᠬᠢᠯᠢ ᠬᠢᠵᠠᠭᠠᠷ ᠨᠢ ᠠᠷᠠᠳ ᠤᠳ ᠤᠨ ᠨᠡᠭᠦᠳᠡᠯᠯᠡᠨ ᠶᠠᠪᠤᠭᠰᠠᠨ ᠭᠠᠵᠠᠷ ᠨᠤᠲᠤᠭ ᠢ ᠬᠢᠵᠠᠭᠠᠷᠯᠠᠨ ᠪᠤᠰᠤᠳ ᠤᠯᠤᠰ ᠲᠠᠢ ᠬᠢᠬᠦ ᠬᠤᠳᠠᠯᠳᠤᠭ᠎ᠠ ᠮᠠᠶᠢᠮᠠᠭ᠎ᠠ ᠶᠢ ᠲᠠᠰᠤᠯᠳᠠᠭᠤᠯᠤᠨ᠂ ᠬᠥᠳᠡᠯᠮᠦᠷᠢᠴᠢᠳ ᠢ ᠬᠠᠷᠠᠩᠭᠤᠢ ᠪᠦᠳᠦᠭᠦᠯᠢᠭ ᠪᠠᠶᠢᠯᠭᠠᠬᠤ᠂ ᠳᠠᠷᠤᠯᠠᠯ ᠮᠥᠯᠵᠢᠯᠭᠡ ᠶᠢᠨ ᠵᠡᠪᠰᠡᠭ ᠪᠣᠯᠭᠠᠵᠠᠢ᠃ 19 ᠍ ᠳᠦᠭᠡᠷ ᠵᠠᠭᠤᠨ ᠤ ᠳᠠᠯ᠎ᠠ᠂ ᠨᠠᠶᠠᠭᠠᠳ ᠣᠨ ᠳᠤ ᠲᠤᠸᠠ ᠠᠷᠠᠳ ᠤᠳ ᠮᠠᠨᠵᠤ ᠶᠢᠨ ᠬᠠᠭᠠᠨ᠂ ᠮᠣᠩᠭᠣᠯ᠂ ᠲᠤᠸᠠ ᠨᠣᠶᠠᠳ ᠲᠤ ᠪᠠᠰᠤᠮᠵᠢᠯᠠᠭᠤᠯᠤᠨ ᠮᠥᠯᠵᠢᠭᠦᠯᠵᠦ᠂ ᠶᠠᠳᠠᠭᠤᠷᠠᠯ᠂ ᠬᠠᠷᠠᠩᠭᠤᠢ ᠪᠦᠳᠦᠭᠦᠯᠢᠭ᠂ ᠡᠷᠬᠡ ᠮᠡᠳᠡᠯ ᠦᠭᠡᠢ᠂ ᠭᠠᠴᠢᠭᠳᠠᠯ ᠵᠣᠪᠠᠯᠠᠩ ᠦᠵᠡᠵᠦ ᠶᠠᠪᠤᠯ᠎ᠠ᠃ ᠨᠡᠶᠢᠭᠡᠮ ᠤᠨ ᠪᠡᠷᠬᠡ ᠳᠠᠷᠤᠯᠠᠯ ᠠᠴᠠ ᠭᠠᠳᠠᠨ᠎ᠠ ᠪᠠᠶᠢᠭᠠᠯᠢ ᠶᠢᠨ ᠥᠷᠦᠰᠢᠶᠡᠯ ᠦᠭᠡᠢ ᠵᠤᠲᠠᠷᠠᠯ ᠢ ᠬᠡᠯᠡᠬᠦ ᠶᠢᠨ ᠠᠷᠭ᠎ᠠ ᠦᠭᠡᠢ᠃ ᠬᠡᠳᠦᠨ ᠵᠢᠯ ᠳᠠᠷᠠᠭᠠᠯᠠᠨ ᠬᠠᠯᠠᠭᠤᠨ ᠭᠠᠩ᠂ ᠬᠦᠢᠲᠡᠨ ᠵᠤᠳ ᠲᠣᠬᠢᠶᠠᠯᠳᠤᠬᠤ ᠳᠤ ᠮᠠᠯ ᠤᠨ ᠲᠣᠭ᠎ᠠ ᠲᠣᠯᠣᠭᠠᠢ ᠬᠡᠲᠦ ᠴᠥᠭᠡᠷᠡᠵᠥ᠂ ᠲᠠᠯᠬ᠎ᠠ ᠲᠠᠷᠢᠶ᠎ᠠ ᠬᠣᠪᠣᠷᠳᠠᠭᠰᠠᠨ ᠢᠶᠡᠷ ᠣᠷᠣᠰ᠂ ᠬᠢᠲᠠᠳ ᠤᠨ ᠬᠤᠳᠠᠯᠳᠤᠭᠠᠴᠢᠳ ᠲᠤ ᠤᠯᠭᠤᠬᠤ ᠥᠷᠢ ᠲᠣᠯᠣᠭᠠᠢ ᠶᠢᠨ ᠦᠰᠦᠨ ᠡᠴᠡ ᠳᠠᠪᠠᠭᠰᠠᠨ᠂ ᠶᠠᠳᠠᠷᠠᠵᠤ ᠭᠤᠲᠤᠷᠠᠭᠰᠠᠨ ᠬᠦᠮᠦᠰ ᠭᠠᠵᠠᠷ ᠰᠠᠶᠢᠭᠦᠢ ᠲᠣᠬᠢᠶᠠᠯᠳᠤᠨ᠎ᠠ᠃ ᠮᠠᠨᠵᠤ ᠠᠮᠪᠠᠨ ᠪᠣᠯᠤᠨ ᠮᠣᠩᠭᠣᠯ ᠵᠠᠬᠢᠷᠤᠭᠴᠢᠳ ᠲᠤ ᠥᠭᠬᠦ ᠠᠯᠪᠠᠨ ᠲᠠᠲᠠᠪᠤᠷᠢ᠂ ᠤᠯᠢᠶᠠᠰᠤᠲᠠᠢ ᠤᠷᠤᠬᠤ᠂ ᠲᠡᠨᠳᠡ ᠡᠴᠡ ᠢᠷᠡᠬᠦ ᠨᠣᠶᠠᠳ ᠲᠦᠰᠢᠮᠡᠳ ᠪᠣᠯᠤᠨ ᠵᠣᠷᠴᠢᠨ ᠶᠠᠪᠤᠭᠴᠢᠳ ᠤᠨ ᠬᠡᠷᠡᠭᠯᠡᠬᠦ ᠮᠥᠩᠭᠥᠨ ᠲᠥᠯᠥᠭᠡᠰᠦ᠂ ᠢᠳᠡᠭᠡ ᠰᠢᠭᠦᠰᠦ ᠴᠤᠭᠯᠠᠭᠤᠯᠤᠨ ᠳᠠᠪᠬᠢᠭᠰᠠᠨ ᠲᠦᠰᠢᠮᠡᠳ ᠦᠨ ᠮᠣᠷᠢᠨ ᠲᠥᠪᠡᠷᠭᠡᠨ᠂ ᠲᠠᠰᠢᠭᠤᠷ ᠤᠨ ᠴᠢᠮᠡᠭᠡ ᠦᠯᠦ ᠲᠠᠰᠤᠷᠠᠨ᠎ᠠ᠃ ᠭᠠᠵᠠᠷ ᠪᠦᠬᠦᠨ ᠡᠪᠡᠳᠴᠢᠨ ᠵᠣᠪᠠᠯᠠᠩ᠂ ᠤᠬᠢᠯᠠᠭᠠᠨ ᠮᠠᠶᠢᠯᠠᠭᠠᠨ᠂ ᠬᠠᠷᠢᠶᠠᠯ ᠵᠦᠭᠡᠯ᠂ ᠠᠭᠤᠷ ᠬᠢᠯᠢᠩ ᠣᠪᠣᠯᠵᠠᠨ᠎ᠠ᠃ ᠲᠡᠶᠢᠮᠦ ᠡᠴᠡ ᠣᠯᠠᠨ ᠲᠦᠮᠡᠨ᠂
《ᠥᠨᠳᠥᠷ ᠠᠭᠤᠯᠠ ᠶᠢᠨ ᠴᠠᠭᠠᠨ᠎ᠠ ᠠᠴᠠ ᠡᠭᠦᠯᠡ ᠭᠠᠷᠪᠠᠯ
ᠰᠢᠭᠤᠷᠴᠣ ᠯᠠ ᠡᠬᠢᠯᠡᠨ᠎ᠡ᠂ ᠣᠷᠣᠵᠤ ᠯᠠ ᠡᠬᠢᠯᠡᠨ᠎ᠡ
ᠲᠠᠮᠠᠭ᠎ᠠ ᠶᠢᠨ ᠭᠠᠵᠠᠷ ᠠᠴᠠ ᠡᠯᠴᠢ ᠢᠷᠡᠪᠡᠯ
ᠵᠣᠳᠣᠵᠤ ᠯᠠ ᠡᠬᠢᠯᠡᠨ᠎ᠡ᠂ ᠪᠠᠷᠢᠵᠤ ᠯᠠ ᠡᠬᠢᠯᠡᠨ᠎ᠡ ᠁》 ᠭᠡᠵᠦ ᠳᠠᠭᠤᠯᠠᠳᠠᠭ ᠪᠠᠶᠢᠭᠰᠠᠨ ᠨᠢ ᠦᠨᠳᠦᠰᠦ ᠲᠡᠢ᠃
ᠠᠷᠪᠠᠳᠤ᠂ ᠰᠤᠮᠤᠳ ᠤᠨ ᠬᠣᠭᠣᠷᠣᠨᠳᠣ ᠠᠶᠢᠯ ᠬᠡᠰᠦᠭᠦᠴᠢᠯᠡᠨ ᠶᠠᠪᠤᠳᠠᠭ ᠬᠦᠮᠦᠰ ᠢ 《ᠬᠥᠬᠡ ᠲᠩᠷᠢ ᠳᠦ ᠪᠡᠨ ᠬᠠᠶᠠᠭᠳᠠᠭᠰᠠᠨ᠂ ᠬᠥᠬᠡᠷᠡᠭᠰᠡᠨ ᠳᠢᠶᠠᠨᠴᠢ ᠴᠠᠭᠠᠴᠢᠳ》 ᠬᠡᠮᠡᠨ ᠠᠳᠠ ᠦᠵᠡᠵᠦ᠂ ᠳᠣᠷᠣᠮᠵᠢᠯᠠᠨ᠂ ᠪᠠᠶᠠᠴᠤᠳ ᠨᠢ ᠲᠡᠳᠡᠨ ᠢ ᠬᠠᠶᠢᠷ᠎ᠠ ᠨᠠᠶᠢᠷ ᠦᠭᠡᠢ ᠵᠠᠷᠤᠵᠤ᠂ ᠬᠠᠷ᠎ᠠ ᠬᠥᠯᠥᠰᠥ ᠶᠢ ᠨᠢ ᠠᠰᠬᠠᠷᠠᠲᠠᠯ᠎ᠠ᠂ ᠴᠢᠰᠤ ᠶᠢ ᠨᠢ ᠰᠢᠮᠡᠨ ᠰᠣᠷᠣᠳᠠᠭ ᠪᠠᠶᠢᠭᠰᠠᠨ ᠬᠢᠭᠡᠳ ᠬᠣᠭᠣᠰᠣᠷᠠᠵᠤ ᠬᠥᠷᠦᠩᠭᠡᠨ ᠡᠴᠡ ᠪᠡᠨ ᠰᠠᠯᠣᠭᠰᠠᠨ ᠬᠦᠮᠦᠰ ᠴᠢᠨᠡᠭᠡᠯᠢᠭ ᠬᠦᠮᠦᠰ ᠦᠨ ᠬᠤᠪᠴᠠᠰᠤᠨ ᠤ ᠬᠠᠭᠤᠴᠢᠨ ᠢ᠂ ᠴᠠᠶ ᠶᠢᠨ ᠰᠢᠭᠠᠷᠤ ᠶᠢ᠂ ᠬᠣᠭᠣᠯᠠᠨ ᠤ ᠦᠯᠡᠳᠡᠭᠳᠡᠯ ᠢ ᠬᠡᠷᠡᠭᠯᠡᠨ᠂ ᠬᠥᠬᠡᠭᠡ ᠡᠪᠦᠯ ᠦᠨ ᠬᠦᠢᠲᠡᠨ ᠡᠴᠡ ᠬᠠᠯᠠᠰᠢᠷᠠᠯ ᠦᠭᠡᠢ᠂ ᠶᠠᠭᠤ ᠡᠰᠡ ᠶᠢ ᠬᠢᠨ᠎ᠡ᠃ ᠲᠡᠷᠡ ᠦᠶ᠎ᠡ ᠳᠦ ᠬᠣᠭᠣᠰᠣᠷᠠᠵᠤ ᠶᠠᠳᠠᠭᠤᠷᠠᠭᠰᠠᠨ ᠬᠦᠮᠦᠨ ᠢ 《ᠮᠠᠭᠤ ᠬᠦᠮᠦᠨ》 ᠭᠡᠳᠡᠭ ᠪᠠᠶᠢᠪᠠ᠃《ᠮᠠᠭᠤ ᠬᠦᠮᠦᠨ ᠦ ᠨᠢᠳᠦ ᠬᠣᠶᠢᠮᠣᠷ ᠲᠤ》 ᠭᠡᠳᠡᠭ ᠪᠠᠶᠢᠪᠠ᠃ ᠡᠨᠡ ᠨᠢ ᠬᠣᠭᠣᠰᠣᠨ ᠬᠦᠮᠦᠨ ᠦ ᠪᠡᠶ᠎ᠡ ᠪᠡᠨ ᠬᠠᠭᠤᠷᠳᠠᠭ ᠵᠦᠢᠯ ᠨᠢ 《ᠠᠯᠠᠭ ᠨᠢᠳᠦ》 ᠭᠡᠰᠡᠨ ᠰᠠᠨᠠᠭ᠎ᠠ ᠶᠤᠮ᠃ ᠬᠠᠷᠭᠢᠰ ᠨᠣᠶᠠᠳ ᠬᠠᠤᠯᠢ ᠳᠤ ᠪᠠᠷᠢᠭᠳᠠᠭᠰᠠᠨ ᠠᠷᠠᠳ ᠤᠳ ᠢ ᠶᠠᠭᠠᠬᠢᠵᠤ ᠳᠣᠷᠣᠮᠵᠢᠯᠠᠵᠤ ᠶᠠᠪᠤᠭᠰᠠᠨ ᠢ ᠴᠤ ᠬᠡᠯᠡᠬᠦ ᠳᠦ ᠪᠡᠷᠬᠡ ᠲᠡᠢ᠃ ᠬᠧᠮᠴᠢᠺ ᠤᠨ ᠳ᠋ᠠ ᠬᠣᠰᠢᠭᠤᠨ ᠤ ᠣᠨᠳᠠᠷ ᠤᠭᠰᠠᠭᠠᠨ ᠤ ᠰᠧᠩᠭᠢᠨ ᠴᠢᠨᠠᠭᠤ ᠭᠡᠭᠴᠢ ᠠᠷᠢᠶᠠᠲᠠᠨ ᠰᠢᠨᠵᠢ ᠲᠡᠢ᠂ ᠬᠠᠷᠭᠢᠰ ᠳᠣᠭᠰᠢᠨ ᠵᠠᠬᠢᠷᠤᠭᠴᠢᠳ ᠤᠨ ᠨᠢᠭᠡ ᠪᠠᠶᠢᠯ᠎ᠠ᠃ ᠲᠡᠳᠡ ᠶᠠᠪᠤᠭᠰᠠᠨ ᠭᠠᠵᠠᠷ ᠪᠦᠷᠢ ᠳᠦ ᠪᠡᠨ ᠠᠷᠠᠳ ᠤᠳ ᠢ ᠢᠰᠬᠦᠯᠵᠦ᠂ ᠵᠣᠳᠣᠵᠤ᠂ ᠲᠠᠰᠢᠭᠤᠷᠳᠠᠵᠤ᠂ ᠲᠡᠨᠳᠡ ᠪᠠᠶᠢᠭᠰᠠᠨ ᠬᠦᠮᠦᠰ ᠢ ᠡᠳᠦᠵᠦ ᠬᠠᠳᠬᠤᠵᠤ᠂ 《 ᠴᠢᠮ᠎ᠠ ᠶᠢ ᠪᠢ 80 ᠲᠠᠰᠢᠭᠤᠷᠳᠠᠪᠠᠯ ᠶᠣᠣ ᠭᠡᠬᠦ ᠦᠦ᠂ 100 ᠲᠠᠰᠢᠭᠤᠷᠳᠠᠪᠠᠯ ᠶᠣᠣ ᠭᠡᠬᠦ ᠦᠦ︖ ᠲᠡᠰᠪᠦᠷᠢᠯᠡᠬᠦ ᠦᠭᠡᠢ ︿ᠶᠣᠣ﹀ ᠭᠡᠬᠦ ᠶᠤᠮ ᠪᠣᠯ ᠤᠯᠠᠮ ᠣᠯᠠᠨ ᠲᠠᠰᠢᠭᠤᠷᠳᠠᠬᠤ ᠪᠣᠯᠤᠨ᠎ᠠ》 ᠭᠡᠵᠦ ᠪᠠᠬ᠎ᠠ ᠨᠢ ᠬᠠᠨᠵᠤ᠂ ᠢᠷᠵᠠᠶᠢᠨ ᠢᠨᠢᠶᠡᠵᠦ᠂ ᠬᠠᠮᠤᠭ ᠤᠨ ᠬᠡᠷᠴᠡᠭᠡᠢ ᠪᠡᠷ ᠵᠣᠳᠣᠵᠤ᠂ ᠲᠠᠮᠤᠯᠠᠨ ᠵᠣᠪᠠᠭᠠᠳᠠᠭ ᠪᠠᠶᠢᠯ᠎ᠠ᠃ ᠵᠢᠷᠠᠨ ᠪᠠᠭᠠᠲᠤᠷ ᠤᠨ ᠬᠥᠳᠡᠯᠭᠡᠭᠡᠨ ᠭᠠᠷᠬᠤ ᠶᠢᠨ ᠡᠮᠦᠨᠡᠬᠢ ᠵᠢᠯ ᠪᠣᠯᠤᠭᠰᠠᠨ ᠨᠢᠭᠡᠨ ᠦᠢᠯᠡ ᠶᠠᠪᠤᠳᠠᠯ ᠢ 84 ᠨᠠᠰᠤᠲᠠᠢ ᠠᠷᠠᠳ ᠣᠣᠷᠵᠠᠺ ᠴᠢᠯᠪᠧᠨ 1942 ᠣᠨ ᠳᠤ ᠶᠠᠷᠢᠬᠤ ᠳᠤ ᠪᠠᠨ᠄ 《ᠪᠠᠯᠴᠢᠮᠠᠢ ᠵᠠᠩᠭᠢ ᠥᠪᠡᠷ ᠦᠨ ᠢᠶᠡᠨ ᠮᠠᠯ ᠬᠠᠷᠢᠭᠤᠯᠤᠭᠴᠢ ᠬᠧᠩ ᠢᠶᠸᠨᠴᠢᠺ ᠢ ᠵᠣᠳᠣᠵᠤ ᠪᠠᠶᠢᠭᠰᠠᠨ ᠢ ᠨᠢᠳᠦ ᠪᠡᠷ ᠢᠶᠡᠨ ᠬᠠᠷᠠᠭᠰᠠᠨ ᠶᠤᠮ᠃ ᠬᠠᠴᠠᠷ ᠢ ᠨᠢ ᠱᠠᠬᠠᠢ ᠪᠠᠷ᠂ ᠨᠢᠷᠤᠭᠤ ᠶᠢ ᠨᠢ ᠬᠠᠷᠠᠭᠠᠨ᠎ᠠ ᠪᠠᠷ ᠱᠠᠯᠪᠠ ᠴᠣᠬᠢᠵᠤ᠂ ᠤᠬᠠᠭᠠᠨ ᠠᠯᠳᠠᠬᠤ ᠳᠤ ᠨᠢ ᠬᠦᠢᠲᠡᠨ ᠤᠰᠤ ᠠᠰᠬᠠᠵᠤ᠂ ᠰᠡᠷᠭᠦᠬᠦ ᠳᠦ ᠨᠢ ᠨᠢᠷᠤᠭᠤ ᠶᠢ ᠨᠢ ᠤᠯᠠᠶᠢᠰᠬᠠᠭᠰᠠᠨ ᠲᠡᠮᠦᠷ ᠢᠶᠡᠷ ᠬᠠᠶᠢᠷᠴᠣ᠂ ᠮᠣᠳᠣᠨ ᠤ ᠵᠣᠷᠭᠣᠳᠠᠰᠤ ᠲᠠᠯᠪᠢᠨ ᠰᠢᠲᠠᠭᠠᠵᠤ ᠪᠠᠶᠢᠯ᠎ᠠ᠃ ᠪᠢ ᠠᠷᠭ᠎ᠠ ᠦᠭᠡᠢ ᠶᠢᠨ ᠡᠷᠬᠡᠨ ᠳᠦ ᠲᠦᠰᠢᠮᠡᠯ ᠦᠨ ᠲᠤᠰᠢᠶᠠᠯ ᠢᠶᠠᠷ ᠲᠡᠭᠦᠨ ᠳᠦ ᠲᠤᠯᠵᠤ ᠪᠠᠶᠢᠯ᠎ᠠ᠃ ᠲᠡᠭᠦᠨ ᠢ ᠵᠣᠳᠣᠭᠰᠠᠨ ᠰᠢᠯᠲᠠᠭᠠᠨ ᠪᠣᠯ ᠬᠧᠩ ᠢᠶᠸᠨᠴᠢᠺ ᠬᠠᠷᠢᠭᠤᠯᠵᠤ ᠪᠠᠶᠢᠭᠰᠠᠨ ᠦᠬᠡᠷ ᠡᠴᠡ ᠪᠡᠨ ᠨᠢᠭᠡ ᠱᠠᠷ ᠢ ᠪᠤᠰᠤᠳ ᠲᠤ ᠲᠦᠷ ᠥᠭᠭᠦᠭᠰᠡᠨ ᠪᠠ ᠲᠡᠷᠡ ᠬᠦᠮᠦᠨ ᠳᠠᠪᠤᠰᠤ ᠲᠡᠭᠡᠭᠡᠵᠦ ᠶᠠᠪᠤᠭᠠᠳ ᠱᠠᠷ ᠤᠨ ᠨᠢᠷᠤᠭᠤ ᠶᠢ ᠭᠡᠮᠲᠦᠭᠡᠭᠰᠡᠨ ᠤᠴᠢᠷ ᠲᠡᠭᠦᠨ ᠢ ᠲᠠᠷᠴᠢᠯᠠᠭᠠᠭᠰᠠᠨ》 ᠭᠡᠰᠡᠨ ᠪᠠᠶᠢᠬᠤ ᠠᠵᠢ᠃ ᠶᠠᠳᠠᠭᠤ ᠬᠣᠭᠣᠰᠣᠨ ᠦᠯᠡᠳᠡᠭᠰᠡᠨ ᠠᠷᠠᠳ ᠤᠳ ᠤᠨ ᠳᠤᠮᠳᠠ ᠠᠴᠠ ᠰᠢᠢᠳᠮᠡᠭᠡᠢ ᠭᠠᠪᠰᠢᠭᠠᠢ᠂ ᠵᠣᠷᠢᠭᠲᠠᠢ ᠡᠷᠡᠴᠦᠳ ᠢᠯᠭᠠᠷᠠᠨ᠂ ᠳᠠᠷᠤᠯᠠᠭᠴᠢᠳ ᠲᠠᠢ ᠪᠠᠨ ᠪᠡᠶ᠎ᠡ ᠪᠡᠷ ᠦᠵᠡᠯᠴᠡᠵᠦ᠂ ᠳᠣᠷᠣᠮᠵᠢᠯᠠᠭᠳᠠᠭᠰᠠᠨ ᠶᠠᠳᠠᠭᠤᠰ ᠢ ᠥᠮᠥᠭᠡᠷᠡᠳᠡᠭ ᠪᠠᠶᠢᠯ᠎ᠠ᠃ ᠲᠡᠳᠡᠨ ᠢ ᠨᠤᠲᠤᠭ ᠤᠨ ᠬᠢᠨ ᠨᠢ 《ᠭᠠᠶᠢᠬᠠᠯ ᠤᠳ》᠂ ᠬᠥᠷᠰᠢ ᠮᠣᠩᠭᠣᠯᠴᠤᠳ 《ᠰᠠᠶᠢᠨ ᠡᠷᠡᠴᠦᠳ》 ᠭᠡᠳᠡᠭ ᠪᠠᠶᠢᠭᠰᠠᠨ᠃ 1882 ᠣᠨ ᠤ ᠰᠡᠭᠦᠯᠴᠢ᠂ 1883 ᠣᠨ ᠤ ᠡᠬᠢ ᠪᠡᠷ ᠲᠤᠪᠠ ᠶᠢᠨ ᠪᠠᠶᠢᠳᠠᠯ ᠤᠯᠠᠮ ᠲᠦᠭᠰᠢᠭᠦᠷᠢ ᠲᠡᠢ ᠪᠣᠯᠤᠭᠰᠠᠨ ᠪᠠᠶᠢᠨ᠎ᠠ᠃ ᠨᠡᠷ᠎ᠡ ᠴᠤᠤᠲᠠᠢ ᠪᠣᠰᠤᠭᠴᠢᠳ ᠪᠠᠶᠠᠴᠤᠳ ᠲᠠᠢ ᠰᠥᠷᠭᠡᠯᠳᠦᠵᠦ᠂ ᠬᠦᠨᠳᠦ ᠪᠡᠷᠬᠡ ᠠᠮᠢᠵᠢᠷᠠᠭ᠎ᠠ᠂ ᠨᠣᠶᠠᠳ ᠤᠨ ᠬᠦᠴᠦᠷᠬᠡᠶᠢᠯᠡᠯ ᠡᠴᠡ ᠵᠢᠭᠤᠲᠠᠭᠰᠠᠨ ᠶᠠᠳᠠᠭᠤ ᠠᠷᠠᠳ ᠤᠳ ᠡᠪᠯᠡᠯᠳᠦᠨ ᠨᠢᠭᠡᠳᠴᠦ᠂ ᠨᠣᠶᠠᠳ ᠲᠦᠰᠢᠮᠡᠳ ᠦᠨ ᠮᠠᠯ ᠮᠢᠬ᠎ᠠ᠂ ᠠᠯᠪᠠᠨ ᠵᠢᠷᠤᠮ ᠢᠶᠠᠷ ᠭᠠᠷᠭᠠᠭᠤᠯᠤᠨ ᠠᠪᠤᠭᠰᠠᠨ ᠡᠳ᠋ ᠮᠥᠩᠭᠥ ᠠᠴᠢᠭᠰᠠᠨ ᠲᠡᠮᠡᠭᠡᠨ ᠵᠢᠩ ᠳᠦ ᠬᠠᠯᠳᠠᠨ ᠪᠤᠯᠢᠶᠠᠵᠤ ᠠᠪᠬᠤ ᠪᠣᠯᠤᠭᠰᠠᠨ ᠤᠴᠢᠷ ᠨᠣᠶᠠᠳ᠂ ᠲᠦᠰᠢᠮᠡᠳ ᠥᠰᠢᠶ᠎ᠡ ᠠᠪᠬᠤ ᠭᠡᠵᠦ ᠠᠯᠢ ᠮᠠᠭᠤ ᠮᠠᠭᠤᠬᠠᠢ ᠠᠷᠭ᠎ᠠ ᠬᠡᠷᠡᠭᠯᠡᠪᠡ᠃ ᠪᠢᠴᠧ ᠵᠠᠩᠭᠢ ᠪᠣᠯᠤᠨ ᠰᠣᠷᠵᠤ ᠮᠠᠶᠢ᠍ᠷᠠᠨ᠂ ᠲᠡᠳᠡᠨ ᠦ ᠵᠠᠷᠤᠯᠭ᠎ᠠ ᠨᠤᠭᠤᠳ ᠠᠶᠢᠯ ᠤᠳ ᠢᠶᠠᠷ ᠳᠣᠪᠲᠣᠯᠤᠨ ᠶᠠᠪᠤᠵᠠᠭᠠᠵᠤ᠂ 《 ᠴᠢᠨᠤ᠎ᠠ ᠨᠤᠭᠤᠳ ᠮᠢᠨᠢ᠂ ᠬᠤᠷᠠᠯ ᠳᠤ ᠢᠷᠡᠬᠦ ᠦᠭᠡᠢ ᠪᠣᠯ ᠫᠤᠤᠳᠠᠭᠠᠳ ᠬᠠᠶᠠᠴᠢᠬᠠᠬᠤ ᠭᠡᠰᠡᠨ ᠰᠢᠦ︕》 ᠭᠡᠵᠦ ᠠᠶᠤᠯᠭᠠᠨ ᠰᠦᠷᠳᠡᠭᠦᠯᠦᠭᠰᠡᠨ ᠪᠣᠯᠪᠠᠴᠤ ᠲᠡᠳᠡ ᠶᠠᠪᠤᠭᠰᠠᠨ ᠦᠭᠡᠢ᠃ ᠵᠠᠷᠤᠯᠭ᠎ᠠ ᠨᠤᠭᠤᠳ ᠢ ᠶᠠᠪᠤᠭᠰᠠᠨ ᠤ ᠳᠠᠷᠠᠭ᠎ᠠ ᠬᠤᠯᠠᠭᠠᠢ ᠳᠤ ᠰᠡᠷᠡᠳᠡᠭᠳᠡᠨ ᠳᠠᠭᠤᠳᠠᠭᠳᠠᠭᠰᠠᠨ ᠡᠷᠡᠴᠦᠳ ᠰᠡᠮ ᠴᠤᠭᠯᠠᠷᠠᠵᠤ᠂ 《ᠪᠢᠳᠡᠨ ᠢ 100 ᠠᠳᠤᠭᠤᠨ ᠠᠴᠠ ᠳᠣᠣᠷ᠎ᠠ ᠭᠡᠵᠦ ᠦᠵᠡᠭᠡᠳ ᠫᠤᠤᠳᠠᠭᠠᠳ ᠬᠠᠶᠠᠴᠢᠬᠠᠬᠤ ᠶᠤᠮ ᠪᠣᠯ ᠲᠡᠷᠡ ᠬᠤᠷᠠᠯ ᠳᠤ ᠣᠴᠢᠬᠤ ᠦᠭᠡᠢ》 ᠭᠡᠵᠦ ᠰᠢᠢᠳᠥᠭᠡᠳ ᠳᠠᠵᠤᠮᠠ ᠪᠣᠯᠤᠨ ᠺᠣᠺ ᠰᠠᠮᠪᠤᠵᠤᠺ ᠢᠶᠠᠷ ᠲᠣᠯᠣᠭᠠᠶᠢᠯᠠᠭᠤᠯᠤᠭᠰᠠᠨ ᠣᠷᠭᠣᠳᠠᠯ ᠤᠳ ᠺᠠᠷᠠᠳᠠᠭ ᠤᠨ ᠡᠩᠭᠡᠷ ᠥᠭᠡᠳᠡ ᠨᠡᠭᠦᠨ ᠣᠴᠢᠵᠤ ᠵᠡᠪᠰᠡᠭᠯᠡᠨ᠂ ᠡᠷᠭᠢᠭᠦᠯ᠂ ᠬᠠᠷᠠᠭᠤᠯ ᠬᠠᠮᠠᠭᠠᠯᠠᠯᠲᠠ ᠵᠣᠬᠢᠶᠠᠨ ᠪᠠᠶᠢᠭᠤᠯᠵᠠᠢ᠃ ᠶᠠᠳᠠᠭᠤ ᠠᠷᠠᠳ ᠤᠳ ᠲᠡᠳᠡᠨ ᠲᠡᠢ ᠣᠯᠠᠨ ᠢᠶᠠᠷ ᠢᠶᠠᠨ ᠢᠷᠡᠵᠦ ᠨᠡᠶᠢᠯᠡᠭᠰᠡᠨ ᠤᠴᠢᠷ ᠲᠤᠷᠯᠢᠭ ᠲᠤ ᠴᠤᠭᠯᠠᠷᠠᠭᠰᠠᠳ ᠤᠨ ᠲᠣᠭ᠎ᠠ ᠬᠣᠶᠠᠷ ᠵᠠᠭᠤ ᠳᠤ ᠬᠦᠷᠴᠦ ᠪᠠᠶᠢᠪᠠ᠃ ᠢᠩᠭᠢᠵᠦ ᠠᠷᠠᠳ ᠤᠳ ᠲᠡᠰᠪᠦᠷᠢᠯᠡᠬᠦ ᠶᠢᠨ ᠠᠷᠭ᠎ᠠ ᠦᠭᠡᠢ ᠪᠣᠯᠵᠤ᠂ ᠠᠵᠠ ᠵᠢᠷᠭᠠᠯ ᠤᠨ ᠲᠥᠯᠥᠭᠡ ᠫᠤᠤ ᠰᠤᠮᠤ ᠪᠠᠨ ᠪᠠᠷᠢᠨ ᠪᠣᠰᠴᠠᠭᠠᠪᠠ᠃ ᠪᠣᠰᠤᠭᠴᠢᠳ 《ᠪᠠᠶᠠᠴᠤᠳ ᠤᠨ ᠵᠠᠬᠢᠷᠭᠠᠨ ᠳᠤ ᠪᠢᠳᠡ ᠵᠠᠬᠢᠷᠤᠭᠳᠠᠬᠤ ᠦᠭᠡᠢ᠂ ᠥᠪᠡᠷᠰᠡᠳ ᠢᠶᠡᠨ ᠲᠤᠰᠬᠠᠢ ᠵᠠᠬᠢᠷᠭ᠎ᠠ ᠪᠠᠶᠢᠭᠤᠯᠤᠨ᠎ᠠ》 ᠬᠡᠮᠡᠨ ᠠᠷᠠᠳ ᠤᠳ ᠲᠤ ᠶᠠᠷᠢᠵᠤ᠂ ᠪᠠᠶᠠᠴᠤᠳ ᠠᠴᠠ ᠳᠡᠭᠡᠷᠡᠮᠳᠡᠵᠦ ᠠᠪᠤᠭᠰᠠᠨ ᠮᠠᠯ ᠮᠢᠬ᠎ᠠ᠂ ᠬᠤᠪᠴᠠᠰᠤ ᠬᠤᠨᠠᠷ ᠢ ᠶᠠᠳᠠᠭᠤᠰ ᠲᠤ ᠬᠤᠪᠢᠶᠠᠨ ᠥᠭᠴᠦ ᠲᠡᠳᠡᠨ ᠢ ᠥᠪᠡᠷᠲᠡᠭᠡᠨ ᠲᠠᠲᠠᠳᠠᠭ ᠪᠠᠶᠢᠯ᠎ᠠ᠃ ᠠᠷᠠᠳ ᠤᠳ ᠤᠨ ᠶᠠᠷᠢᠭᠰᠠᠨ ᠣᠯᠠᠨ ᠪᠠᠷᠢᠮᠲᠠ ᠨᠣᠲᠠᠯᠠᠭ᠎ᠠ ᠶᠢ ᠣᠷᠣᠰ ᠤᠨ ᠠᠷᠬᠢᠸ ᠤᠨ ᠪᠠᠷᠢᠮᠲᠠ ᠳᠠᠪᠬᠤᠷ ᠪᠠᠲᠤᠯᠠᠳᠠᠭ ᠶᠤᠮ᠃ 1884 ᠣᠨ ᠤ ᠬᠠᠪᠤᠷ ᠬᠧᠮᠴᠢᠺ ᠲᠤ ᠪᠠᠶᠢᠭᠰᠠᠨ ᠣᠷᠣᠰ ᠬᠤᠳᠠᠯᠳᠤᠭᠠᠴᠢᠳ ᠲᠤᠸᠠ ᠳᠤ ᠪᠣᠯᠵᠤ ᠪᠠᠶᠢᠭᠰᠠᠨ ᠪᠠᠶᠢᠳᠠᠯ ᠢ ᠡᠷᠬᠦᠦ ᠤᠷᠤᠭᠤ ᠦᠨᠡᠨ ᠵᠥᠪ ᠢᠶᠡᠷ ᠨᠢ ᠮᠡᠳᠡᠭᠡᠯᠡᠵᠦ ᠪᠠᠶᠢᠭᠰᠠᠨ ᠪᠠ 1883 ᠣᠨ ᠤ 8 ᠍ ᠳᠦᠭᠠᠷ ᠰᠠᠷ᠎ᠠ ᠶᠢᠨ 24 ᠍ ᠳᠦ ᠭᠠᠷ ᠤᠨ ᠦᠰᠦᠭ ᠵᠢᠷᠤᠭᠰᠠᠨ ᠫᠷᠣᠲ᠋ᠣᠺᠣᠯ ᠢ ᠲᠤᠪᠠ ᠶᠢᠨ ᠡᠷᠬᠡ ᠪᠠᠷᠢᠭᠴᠢᠳ ᠪᠡᠶᠡᠯᠡᠭᠦᠯᠬᠦ ᠦᠭᠡᠢ ᠪᠠᠶᠢᠭ᠎ᠠ ᠶᠢ ᠮᠡᠳᠡᠭᠳᠡᠵᠦ᠂ ᠴᠠᠬᠢᠯᠭᠠᠨ ᠶᠠᠪᠤᠭᠤᠯᠵᠠᠢ᠃ ᠲᠡᠭᠦᠨ ᠳᠦ᠄ 《ᠤᠷᠢᠶᠠᠩᠬᠠᠢ ᠨᠤᠭᠤᠳ ᠬᠡᠵᠢᠶ᠎ᠡ ᠴᠤ ᠡᠶᠢᠮᠦ ᠳᠤᠷ᠎ᠠ ᠵᠣᠷᠢᠭ ᠢᠶᠠᠷ ᠪᠠᠶᠢᠵᠤ ᠦᠵᠡᠭᠡ ᠦᠭᠡᠢ᠃ ᠬᠧᠮᠴᠢᠺ ᠤᠨ ᠬᠡᠮᠵᠢᠶ᠎ᠡ ᠪᠡᠷ ᠤᠷᠢᠶᠠᠩᠬᠠᠢ ᠨᠤᠭᠤᠳ ᠣᠷᠭᠣᠳᠠᠯ ᠪᠦᠯᠦᠭ ᠦᠳ ᠵᠣᠬᠢᠶᠠᠨ ᠪᠠᠶᠢᠭᠤᠯᠵᠤ᠂ ᠣᠷᠣᠰ ᠪᠣᠯᠤᠨ ᠤᠷᠢᠶᠠᠩᠬᠠᠢ ᠶᠢᠨ ᠵᠠᠷᠢᠮ ᠬᠡᠰᠡᠭ ᠢ ᠰᠦᠢᠳᠬᠡᠵᠦ ᠪᠠᠶᠢᠨ᠎ᠠ᠃ ᠦᠨᠡᠨ ᠳᠦ ᠪᠡᠨ 1884 ᠣᠨ ᠤ ᠵᠤᠨ ᠬᠥᠳᠡᠯᠦᠭᠰᠡᠳ ᠲᠤᠸᠠ ᠲᠦᠰᠢᠮᠡᠳ ᠲᠦ ᠣᠷᠣᠰ ᠬᠤᠳᠠᠯᠳᠤᠭᠠᠴᠢᠳ ᠲᠤ ᠪᠤᠯᠢᠶᠠᠨ ᠥᠭᠬᠦ ᠥᠷᠢ ᠶᠢ ᠤᠯᠭᠤᠬᠤ ᠵᠠᠪ ᠥᠭᠭᠦᠭᠡ ᠦᠭᠡᠢ᠃ ᠡᠶᠢᠮᠦ ᠤᠴᠢᠷ ᠠᠴᠠ 《ᠥᠷᠢᠨ ᠳᠦ ᠥᠭᠬᠦ ᠮᠠᠯ ᠢᠶᠠᠨ ᠴᠤᠭᠯᠠᠭᠤᠯᠵᠤ ᠴᠢᠳᠠᠬᠤ ᠦᠭᠡᠢ ᠪᠠᠶᠢᠨ᠎ᠠ》 ᠭᠡᠵᠦ ᠣᠷᠣᠰ ᠬᠤᠳᠠᠯᠳᠤᠭᠠᠴᠢᠳ ᠲᠤ ᠭᠠᠷ ᠤᠨ ᠦᠰᠦᠭ ᠵᠢᠷᠤᠭᠰᠠᠨ ᠪᠢᠴᠢᠭ ᠥᠭᠴᠦ ᠪᠠᠶᠢᠪᠠ》 ᠭᠡᠵᠦ ᠲᠡᠮᠳᠡᠭᠯᠡᠵᠡᠢ᠃
ᠣᠷᠭᠣᠳᠠᠯ ᠤᠳ ᠪᠦᠯᠦᠭ ᠪᠦᠯᠦᠭ ᠢᠶᠡᠷ ᠢᠶᠡᠨ ᠨᠠᠰᠢ ᠴᠠᠰᠢ ᠳᠠᠪᠬᠢᠵᠠᠭᠠᠵᠤ᠂ ᠪᠠᠶᠠᠴᠤᠳ ᠤᠨ ᠮᠠᠯ ᠬᠥᠷᠥᠩᠭᠡ ᠶᠢ ᠪᠤᠯᠢᠶᠠᠨ ᠠᠪᠬᠤ ᠶᠢᠨ ᠵᠡᠷᠭᠡᠴᠡᠭᠡ ᠢᠷᠡᠬᠦ ᠡᠪᠦᠯ ᠢᠶᠡᠨ ᠪᠣᠳᠣᠭᠠᠳ ᠮᠣᠩᠭᠣᠯ ᠤᠷᠤᠭᠤ ᠤᠷᠤᠬᠤ ᠶᠠᠪᠤᠳᠠᠯ ᠢᠶᠠᠨ ᠦᠷᠭᠦᠯᠵᠢᠯᠡᠭᠦᠯᠵᠡᠢ᠃ ᠲᠡᠳᠡᠨ ᠦ ᠡᠷᠡᠮᠡᠭᠡᠢ ᠭᠠᠪᠰᠢᠭᠠᠢ᠂ ᠴᠢᠳᠠᠪᠤᠷᠢ ᠲᠠᠢ᠂ ᠬᠠᠰᠢᠷ ᠵᠠᠯᠢᠲᠠᠢ ᠶᠢ ᠨᠤᠲᠤᠭ ᠤᠨ ᠬᠢᠨ ᠨᠢ ᠠᠨᠳᠤᠬᠤ ᠪᠠᠨ ᠪᠠᠶᠢᠵᠤ᠂ ᠮᠠᠯ ᠰᠦᠷᠦᠭ᠂ ᠡᠳ᠋ ᠬᠥᠷᠥᠩᠭᠡ ᠪᠡᠨ ᠠᠯᠳᠠᠵᠤ ᠬᠠᠰᠢᠷᠠᠭᠰᠠᠨ ᠮᠣᠩᠭᠣᠯ ᠨᠣᠶᠠᠳ ᠲᠠᠮᠠᠭ᠎ᠠ ᠶᠢᠨ ᠭᠠᠵᠠᠷ ᠤᠨ ᠬᠢᠨ ᠳᠤ ᠪᠠᠨ ᠠᠩᠬᠠᠷᠤᠭᠤᠯᠤᠭᠰᠠᠨ ᠢᠶᠠᠷ ᠬᠢᠯᠢ ᠶᠢᠨ ᠬᠠᠷᠠᠭᠤᠯ ᠢᠶᠠᠨ ᠴᠢᠩᠭᠠᠳᠬᠠᠵᠤ᠂ ᠮᠠᠯ ᠬᠥᠷᠥᠩᠭᠡ ᠪᠡᠨ ᠬᠠᠮᠠᠭᠠᠯᠠᠬᠤ ᠪᠠᠷ ᠬᠦᠴᠦ ᠨᠡᠮᠡᠭᠳᠡᠭᠦᠯᠵᠦ ᠡᠬᠢᠯᠡᠭᠰᠡᠨ ᠪᠠᠶᠢᠨ᠎ᠠ᠃ ᠢᠩᠭᠢᠵᠦ ᠳᠥᠷᠪᠡᠳ ᠨᠤᠲᠤᠭ ᠤᠷᠤᠭᠤ ᠣᠷᠣᠭᠰᠠᠨ ᠵᠠᠷᠢᠮ 《ᠺᠠᠢᠢᠭᠠᠯ ᠤᠳ》 ᠪᠠᠷᠢᠭᠳᠠᠵᠤ ᠡᠬᠢᠯᠡᠭᠰᠡᠨ ᠪᠠᠶᠢᠳᠠᠭ᠃ ᠲᠡᠷᠡ ᠦᠶ᠎ᠡ ᠳᠦ ᠮᠠᠨᠵᠤ ᠪᠣᠯᠤᠨ ᠲᠤᠸᠠ ᠨᠣᠶᠠᠳ 《ᠵᠢᠷᠠᠨ ᠣᠷᠭᠣᠳᠠᠯ ᠤᠨ ᠦᠨᠳᠦᠰᠦ ᠶᠢ ᠲᠠᠰᠤᠯᠤᠨ᠂ ᠭᠡᠷ ᠣᠷᠣᠨ ᠢ ᠨᠢ ᠬᠣᠭᠣᠰᠣᠷᠠᠭᠤᠯᠤᠨ ᠳᠡᠭᠡᠷᠡᠮᠳᠡᠵᠦ᠂ ᠡᠷᠡᠭᠲᠡᠢ ᠬᠡᠦᠬᠡᠳ ᠦᠳ ᠦᠨ ᠬᠢ ᠨᠢ ᠨᠢᠳᠦ ᠶᠢ ᠰᠣᠬᠣᠯᠤᠨ᠂ ᠡᠮᠡᠭᠲᠡᠢ ᠬᠡᠦᠬᠡᠳ ᠦᠨ ᠬᠢ ᠨᠢ ᠳᠤᠮᠳᠠ ᠴᠢᠮᠦᠭᠡ ᠶᠢ ᠬᠤᠭᠤ ᠴᠤᠬᠢᠬᠤ ᠬᠡᠷᠡᠭᠲᠡᠢ》 ᠭᠡᠵᠦ ᠴᠡᠷᠢᠭ ᠦᠳ ᠲᠡᠭᠡᠨ ᠳᠠᠭᠠᠭᠠᠯᠭᠠᠪᠤᠷᠢ ᠥᠭᠴᠦ ᠪᠠᠶᠢᠵᠠᠢ᠃ ᠲᠡᠶᠢᠮᠦ ᠡᠴᠡ ᠮᠠᠨᠵᠤ ᠠᠮᠪᠠᠨ ᠤ ᠴᠡᠷᠢᠭ ᠢᠷᠡᠵᠦ ᠶᠠᠪᠤᠭ᠎ᠠ ᠶᠢ ᠰᠣᠨᠣᠰᠤᠭᠠᠳ 《ᠺᠠᠢᠢᠭᠠᠯ ᠤᠳ》 ᠍ ᠤᠨ ᠠᠷᠤ ᠭᠡᠷ ᠦᠨ ᠬᠢᠨ ᠣᠷᠣᠨ ᠭᠡᠷ᠂ ᠮᠠᠯ ᠬᠥᠷᠥᠩᠭᠡ ᠪᠡᠨ ᠣᠷᠬᠢᠨ ᠵᠢᠭᠤᠳᠠᠵᠠᠭᠠᠵᠠᠢ᠃ ᠡᠶᠢᠨᠬᠦᠦ ᠮᠠᠨᠵᠤ ᠶᠢᠨ ᠴᠠᠭᠠᠨ ᠴᠡᠷᠢᠭ ᠦᠨ ᠬᠦᠴᠥ ᠪᠡᠷ ᠬᠦᠮᠦᠰ ᠬᠡᠳᠦᠨ ᠵᠠᠭᠤ ᠪᠠᠷ ᠢᠶᠠᠨ ᠬᠡᠯᠮᠡᠭᠳᠡᠵᠦ᠂ ᠣᠯᠠᠨ ᠬᠦᠮᠦᠨ ᠦ ᠦᠨᠳᠦᠰᠦ ᠲᠠᠰᠤᠷᠠᠭᠰᠠᠨ ᠪᠤᠶᠤ ᠰᠠᠨᠳᠤᠷᠤᠨ ᠲᠠᠷᠬᠠᠵᠠᠢ᠃ ᠡᠮᠦᠨ᠎ᠡ ᠨᠢ ᠲᠤᠸᠠ ᠳᠤ ᠡᠶᠢᠮᠦ ᠰᠢᠷᠦᠭᠦᠨ ᠲᠡᠮᠡᠴᠡᠯ ᠭᠠᠷᠴᠤ ᠪᠠᠶᠢᠭᠰᠠᠨ ᠦᠭᠡᠢ᠃ ᠠᠮᠪᠠᠨ ᠨᠣᠶᠠᠨ ᠥᠯᠥᠽᠧᠢ-ᠣᠴᠢᠷ ᠠᠷᠠᠳ ᠲᠦᠮᠡᠨ ᠦ ᠴᠢᠰᠤ ᠪᠠᠷ ᠭᠠᠷ ᠢᠶᠠᠨ ᠤᠭᠢᠶᠠᠵᠤ᠂ ᠤᠯᠢᠶᠠᠰᠤᠲᠠᠢ ᠶᠢᠨ ᠵᠠᠩᠵᠤᠨ ᠤ ᠴᠡᠷᠢᠭ ᠦᠨ ᠡᠷᠬᠡᠲᠡᠨ ᠳᠦ ᠬᠠᠬᠤᠤᠯᠢ ᠥᠭᠴᠦ᠂ ᠲᠠᠩᠨᠤ ᠤᠷᠢᠶᠠᠩᠬᠠᠢ ᠶᠢᠨ ᠬᠢᠵᠠᠭᠠᠷ ᠳᠣᠲᠣᠷ᠎ᠠ ᠬᠦᠮᠦᠰ ᠲᠦ ᠬᠦᠴᠦ ᠬᠡᠷᠡᠭᠯᠡᠨ᠂ ᠳᠡᠭᠡᠷᠡᠮᠳᠡᠨ ᠲᠣᠨᠣᠵᠤ᠂ ᠠᠮᠢ ᠨᠠᠰᠤ ᠶᠢ ᠨᠢ ᠬᠣᠬᠢᠷᠠᠭᠠᠵᠤ ᠪᠠᠶᠢᠵᠠᠢ᠃ ᠲᠡᠷᠡ ᠴᠤ ᠪᠠᠶᠢᠲᠤᠭᠠᠢ ᠲᠤᠪᠠ ᠶᠢᠨ ᠡᠷᠬᠡ ᠪᠠᠷᠢᠭᠴᠢᠳ ᠣᠷᠣᠨ ᠨᠤᠲᠤᠭ ᠤᠨ ᠢᠶᠠᠨ ᠵᠠᠷᠢᠮ ᠶᠠᠳᠠᠭᠤᠰ ᠢ 《ᠺᠠᠢᠢᠭᠠᠯ ᠤᠳ》 ᠢᠶᠡᠷ ᠲᠣᠯᠣᠭᠠᠶᠢᠯᠠᠭᠤᠯᠵᠤ᠂ ᠮᠣᠷᠢ ᠤᠨᠤᠯᠭ᠎ᠠ ᠪᠠᠨ ᠤᠨᠤᠭᠤᠯᠵᠤ᠂ ᠫᠤᠤ ᠵᠡᠪᠰᠡᠭ ᠠᠭᠰᠠᠷᠤᠯᠤᠭᠠᠳ᠂ ᠠᠷᠭᠠᠮᠵᠢ ᠴᠢᠳᠦᠷ᠂ ᠬᠠᠵᠠᠭᠠᠷ ᠨᠣᠭᠲᠣ᠂ ᠭᠠᠨᠵᠤᠭᠠᠯᠠᠭ᠎ᠠ᠂ ᠬᠣᠭᠣᠯᠠ ᠬᠦᠨᠡᠰᠦ ᠶᠢ ᠨᠢ ᠪᠡᠯᠡᠳᠬᠡᠨ᠂ ᠰᠤᠷᠭᠠᠮᠵᠢ ᠵᠥᠪᠯᠡᠭᠡ ᠥᠭᠭᠦᠭᠡᠳ᠂ ᠬᠥᠷᠰᠢ ᠵᠡᠷᠭᠡᠯᠡᠳᠡᠭᠡ ᠮᠣᠩᠭᠣᠯ ᠠᠴᠠ ᠮᠠᠯ ᠮᠢᠬ᠎ᠠ᠂ ᠢᠯᠠᠩᠭᠤᠶ᠎ᠠ ᠪᠣᠳᠠ ᠮᠠᠯ ᠣᠯᠠᠨ ᠢᠶᠠᠷ ᠬᠤᠯᠠᠭᠠᠶᠢᠯᠠᠵᠤ ᠢᠷᠡᠬᠦ ᠶᠢ ᠳᠠᠭᠠᠭᠠᠯᠭᠠᠨ ᠶᠠᠪᠤᠭᠤᠯᠳᠠᠭ ᠪᠠᠶᠢᠵᠠᠢ᠃ ᠣᠷᠭᠣᠳᠠᠯ ᠬᠤᠯᠠᠭᠠᠢ ᠶᠢᠨ ᠲᠤᠬᠠᠢ ᠮᠣᠩᠭᠣᠯ ᠪᠢᠴᠢᠭ ᠪᠠᠷᠢᠮᠲᠠ ᠳᠤ 《ᠪᠠᠯᠠᠭ ᠲᠠᠢ ᠭᠡᠮ ᠪᠤᠷᠤᠭᠤᠲᠠᠨ ᠨᠠᠷ》 ᠭᠡᠵᠦ ᠲᠡᠮᠳᠡᠭᠯᠡᠭᠰᠡᠨ ᠪᠠᠶᠢᠳᠠᠭ᠃ ᠲᠤᠪᠠ ᠶᠢᠨ ᠡᠷᠬᠡ ᠪᠠᠷᠢᠭᠴᠢᠳ 《ᠮᠠᠨᠵᠤ ᠶᠢᠨ ᠬᠢᠯᠢ ᠨᠡᠪᠲᠡᠷᠡᠵᠥ ᠬᠤᠯᠠᠭᠠᠢ᠂ ᠠᠷᠠᠯᠵᠢᠶ᠎ᠠ ᠨᠠᠶᠢᠮᠠᠭ᠎ᠠ ᠬᠢᠵᠦ ᠪᠣᠯᠬᠤ ᠦᠭᠡᠢ᠂ ᠬᠡᠷᠪᠡ ᠡᠨᠡ ᠬᠠᠤᠯᠢ ᠶᠢ ᠵᠥᠷᠢᠴᠡᠪᠡᠯ᠂ ᠬᠠᠲᠠᠭᠤ ᠰᠢᠷᠦᠭᠦᠨ ᠰᠢᠳᠬᠡᠯ ᠬᠦᠯᠢᠶᠡᠳᠡᠭ》 ᠭᠡᠳᠡᠭ ᠢ ᠮᠡᠳᠡᠭᠰᠡᠭᠡᠷ ᠠᠲᠠᠯ᠎ᠠ ᠠᠷᠠᠳ ᠤᠳ ᠢ ᠮᠣᠩᠭᠣᠯ ᠤᠷᠤᠭᠤ ᠶᠠᠪᠤᠭᠤᠯᠤᠭᠰᠠᠭᠠᠷ ᠪᠠᠶᠢᠵᠠᠢ᠃ ᠲᠡᠭᠡᠭᠡᠳ ᠠᠶᠤᠯ ᠦᠬᠦᠯ ᠦᠨ ᠢᠷᠮᠡᠭ ᠳᠡᠭᠡᠷ᠎ᠡ ᠶᠠᠪᠤᠵᠤ᠂ ᠬᠤᠯᠠᠭᠠᠶᠢᠯᠠᠵᠤ ᠳᠡᠭᠡᠷᠡᠮᠳᠡᠵᠦ ᠢᠷᠡᠭᠰᠡᠨ ᠮᠠᠯ ᠤᠨ ᠠᠯᠢ ᠰᠠᠶᠢᠨ ᠢ ᠨᠢ ᠲᠦᠰᠢᠮᠡᠳ ᠰᠢᠯᠢᠵᠥ᠂ ᠦᠯᠡᠳᠡᠭᠰᠡᠨ ᠮᠠᠭᠤ ᠶᠢ ᠨᠢ ᠢᠷᠡᠭᠰᠡᠨ ᠬᠦᠮᠦᠰ ᠲᠦ ᠬᠤᠪᠢᠶᠠᠨ ᠥᠭᠴᠦ ᠪᠠᠶᠢᠪᠠ᠃ ᠬᠡᠷᠪᠡ ᠬᠡᠷᠡᠭ ᠵᠠᠳᠠᠷᠠᠪᠠᠯ᠂ ᠡᠵᠡᠨ ᠦ ᠨᠢᠭᠤᠷ ᠳᠡᠭᠡᠷ᠎ᠡ ᠬᠤᠯᠠᠭᠠᠶᠢᠴᠢ ᠶᠢ ᠬᠠᠲᠠᠭᠤ ᠰᠢᠷᠦᠭᠦᠨ ᠰᠢᠳᠬᠡᠵᠦ ᠥᠪᠡᠷᠰᠡᠳ ᠢᠶᠡᠨ ᠴᠡᠪᠡᠷᠬᠡᠨ ᠦᠯᠡᠳᠡᠳᠡᠭ ᠪᠠᠶᠢᠵᠠᠢ᠃ ᠭᠡᠪᠡᠴᠦ ᠡᠵᠡᠨ ᠦ ᠳᠠᠭᠠᠭᠠᠯᠭᠠᠪᠤᠷᠢ ᠪᠠᠷ ᠶᠠᠪᠤᠭᠰᠠᠨ ᠰᠠᠶᠢᠨ ᠡᠷᠡᠴᠦᠳ᠂ ᠶᠠᠳᠠᠭᠤ ᠠᠷᠠᠳ ᠤᠨ ᠬᠣᠭᠣᠷᠣᠨᠳᠣ ᠳᠡᠭᠡᠷᠡᠬᠢ ᠠᠰᠠᠭᠤᠳᠠᠯ ᠴᠢᠮᠡᠭᠡ ᠦᠭᠡᠢ ᠥᠩᠭᠡᠷᠡᠳᠡᠭ ᠦᠭᠡᠢ᠂ ᠲᠡᠮᠡᠴᠡᠯ ᠮᠠᠷᠭᠤᠭᠠᠨ ᠡᠨᠳᠡ ᠲᠡᠨᠳᠡ ᠭᠠᠷᠳᠠᠭ ᠪᠠᠶᠢᠭᠰᠠᠨ ᠪᠠᠶᠢᠨ᠎ᠠ᠃
1883 ᠣᠨ ᠤ ᠬᠠᠪᠤᠷ ᠰᠧᠩᠭᠢᠨ ᠵᠠᠩᠭᠢ᠂ ᠴᠠᠯᠠᠮᠠ ᠵᠠᠯᠠᠨ᠂ ᠪᠠᠯᠴᠢᠢ ᠪᠢᠴᠢᠭᠡᠴᠢ᠂ ᠠᠤᠵᠤ ᠵᠠᠩᠭᠢ᠂ ᠳᠠᠤᠲ᠋ᠤᠺ-ᠣᠣᠯ᠂ ᠰᠠᠳ᠋ᠤᠶᠠ᠂ ᠠᠫ-ᠣᠣᠯ ᠨᠠᠷ ᠤᠨ ᠳᠠᠷᠤᠭ᠎ᠠ ᠨᠠᠷ ᠮᠣᠩᠭᠣᠯ ᠤᠷᠤᠭᠤ ᠠᠳᠤᠭᠤ ᠬᠤᠯᠠᠭᠠᠶᠢᠯᠠᠬᠤ ᠠᠵᠢᠯ ᠢ ᠤᠳᠠᠭ᠎ᠠ ᠳᠠᠷᠠᠭ᠎ᠠ ᠵᠣᠬᠢᠶᠠᠨ ᠪᠠᠶᠢᠭᠤᠯᠵᠠᠢ᠃ ᠲᠡᠷᠡ ᠠᠳᠤᠭᠤᠨ ᠠᠴᠠ ᠨᠡᠯᠢᠶᠡᠳ ᠣᠯᠠᠨ ᠢ ᠰᠧᠩᠭᠢᠨ ᠵᠠᠩᠭᠢ ᠥᠪᠡᠷ ᠢᠶᠡᠨ ᠠᠪᠴᠤ᠂ ᠪᠤᠰᠤᠳ ᠵᠠᠩᠭᠢ ᠨᠤᠭᠤᠳ ᠨᠢ ᠬᠣᠭᠣᠰᠣᠨ ᠬᠣᠴᠣᠷᠴᠠᠢ᠃ ᠭᠡᠪᠡᠴᠦ ᠳᠠᠷᠠᠭᠠᠬᠠᠨ ᠨᠢ ᠡᠳᠡᠨ ᠦ ᠶᠠᠪᠤᠭᠤᠯᠤᠭᠰᠠᠨ ᠬᠦᠮᠦᠰ ᠳᠥᠷᠪᠡᠳ ᠨᠤᠲᠤᠭ ᠤᠷᠤᠭᠤ ᠣᠷᠣᠭᠠᠳ ᠠᠶᠢᠯ ᠤᠨ ᠬᠣᠲᠠᠨ ᠳᠤ ᠪᠠᠶᠢᠭᠰᠠᠨ ᠠᠳᠤᠭᠤ ᠬᠤᠯᠠᠭᠠᠶᠢᠯᠠᠵᠤ ᠪᠠᠶᠢᠭᠠᠳ ᠮᠡᠳᠡᠭᠳᠡᠵᠦ᠂ ᠡᠭᠦᠨ ᠦ ᠤᠯᠠᠮ ᠠᠴᠠ ᠺᠣᠵᠠᠭᠠᠷ᠂ ᠺᠣᠮᠪᠤᠯᠳᠠᠢ ᠨᠠᠷ ᠪᠠᠷᠢᠭᠳᠠᠭᠰᠠᠨ ᠪᠠ ᠲᠡᠳᠡᠨ ᠢ ᠳᠥᠷᠪᠡᠳ ᠦᠨ ᠲᠦᠰᠢᠮᠡᠳ ᠬᠠᠲᠠᠭᠤ ᠰᠢᠷᠦᠭᠦᠨ ᠢᠶᠡᠷ ᠵᠣᠳᠣᠭᠠᠳ᠂ ᠳᠥᠷᠪᠡᠨ ᠭᠠᠳᠠᠰᠤ ᠰᠢᠭᠠᠭᠠᠳ ᠮᠥᠴᠢᠯᠡᠨ ᠲᠡᠯᠡᠵᠦ ᠬᠡᠭᠡᠷ᠎ᠡ ᠬᠠᠶᠠᠭᠰᠠᠨ ᠢ ᠬᠣᠨᠢ ᠬᠠᠷᠢᠭᠤᠯᠵᠤ ᠶᠠᠪᠤᠭᠰᠠᠨ ᠮᠣᠩᠭᠣᠯ ᠥᠬᠢᠨ ᠬᠠᠷᠠᠭᠠᠳ ᠥᠷᠥᠪᠳᠥᠨ ᠰᠤᠯᠠᠯᠠᠵᠤ ᠪᠠᠶᠢᠭᠰᠠᠨ ᠭᠡᠳᠡᠭ᠃
《ᠵᠢᠷᠠᠨ ᠪᠠᠭᠠᠲᠤᠷ ᠤᠨ ᠪᠣᠰᠤᠯᠭ᠎ᠠ》 ᠍ ᠶᠢᠨ ᠬᠠᠮᠤᠭ ᠤᠨ ᠥᠷᠦᠪᠳᠦᠯᠲᠡᠢ ᠨᠢ ᠪᠠᠯᠠᠮᠠᠳ ᠨᠣᠶᠠᠳ ᠤᠨ ᠡᠰᠡᠷᠭᠥ ᠪᠣᠰᠤᠭᠰᠠᠨ 《ᠺᠠᠢᠢᠭᠠᠯ ᠤᠳ》 ᠡᠴᠦᠰ ᠲᠦ ᠨᠢ ᠪᠠᠷᠢᠭᠳᠠᠵᠤ᠂ ᠬᠡᠷᠴᠡᠭᠡᠢ ᠪᠡᠷ ᠲᠠᠮᠤᠯᠠᠭᠤᠯᠤᠨ ᠪᠠᠶᠢᠵᠤ ᠨᠢᠳᠦ ᠠᠨᠢᠵᠠᠭᠠᠭᠰᠠᠨ ᠶᠠᠪᠤᠳᠠᠯ ᠶᠤᠮ᠃ 1883 ᠣᠨ ᠤ 11 ᠍ ᠳᠦᠭᠡᠷ ᠰᠠᠷ᠎ᠠ ᠶᠢᠨ ᠡᠬᠢ ᠪᠡᠷ ᠣᠷᠭᠣᠳᠠᠯ ᠤᠳ ᠢ ᠪᠠᠷᠢᠵᠤ ᠤᠰᠠᠳᠬᠠᠬᠤ ᠶᠠᠪᠤᠳᠠᠯ ᠰᠢᠪᠲᠤᠷᠴᠣ᠂ ᠲᠠᠮᠠᠭ᠎ᠠ ᠶᠢᠨ ᠴᠡᠷᠢᠭ ᠪᠤᠴᠠᠭᠰᠠᠨ ᠢᠶᠠᠷ 《ᠵᠢᠷᠠᠨ ᠣᠷᠭᠣᠳᠠᠯ》 ᠭᠡᠳᠡᠭ ᠨᠡᠷ᠎ᠡ ᠲᠤᠪᠠ ᠶᠢᠨ ᠲᠡᠦᠬᠡᠨ ᠳᠦ ᠦᠯᠡᠳᠡᠵᠡᠢ᠃ ᠠᠷᠠᠳ ᠣᠣᠷᠵᠠᠺᠴᠤᠪᠧᠨ ᠬᠡᠮᠡᠭᠴᠢ ᠶᠢᠨ ᠦᠭᠦᠯᠡᠭᠰᠡᠨ ᠢᠶᠡᠷ 《ᠪᠣᠰᠤᠯᠭ᠎ᠠ ᠳᠤ ᠣᠷᠣᠯᠴᠠᠭᠰᠠᠳ ᠢ ᠪᠠᠷᠢᠪᠴᠢᠯᠠᠭᠠᠳ ᠤᠯᠢᠶᠠᠰᠤᠲᠠᠢ ᠤᠷᠤᠭᠤ ᠶᠠᠪᠤᠭᠤᠯᠵᠤ ᠪᠠᠶᠢᠬᠤ ᠶᠢ ᠬᠠᠷᠠᠭᠰᠠᠨ ᠶᠤᠮ᠃ ᠴᠤᠷᠠᠺ ᠤᠨ ᠠᠮᠠᠨ ᠳᠤ ᠠᠷᠪᠠ ᠰᠢᠬᠠᠮ ᠭᠡᠷ ᠪᠠᠷᠢᠭᠰᠠᠨ ᠪᠠᠶᠢᠯ᠎ᠠ᠃ ᠲᠡᠨᠳᠡ ᠪᠦᠬᠦ ᠲᠦᠰᠢᠮᠡᠳ ᠴᠤᠭᠯᠠᠷᠠᠭᠠᠳ᠂ ᠪᠣᠰᠤᠭᠴᠢᠳ ᠤᠨ ᠭᠡᠷ ᠡᠴᠡ ᠲᠡᠮᠦᠷ ᠲᠤᠯᠭ᠎ᠠ ᠶᠢ ᠠᠪᠴᠤ ᠢᠷᠡᠭᠡᠳ ᠲᠡᠭᠦᠪᠡᠷ ᠳᠠᠷᠬᠠᠴᠤᠳ ᠢᠶᠠᠷ ᠲᠡᠮᠦᠷ ᠭᠢᠨᠵᠢ ᠬᠢᠯᠭᠡᠵᠦ᠂ ᠡᠪᠦᠯ ᠦᠨ ᠬᠦᠢᠲᠡᠨ ᠳ᠋ᠤ ᠬᠦᠮᠦᠰ ᠦᠨ ᠭᠠᠷ ᠬᠥᠯ ᠢ ᠭᠢᠨᠵᠢᠯᠡᠭᠡᠳ ᠬᠦᠢᠲᠡᠨ ᠭᠡᠷ ᠦᠳ ᠲᠦ ᠬᠣᠨᠣᠭᠤᠯᠤᠨ᠂ ᠲᠣᠮᠣ ᠲᠣᠮᠣ ᠤᠯᠢᠶᠠᠰᠤ ᠶᠢ ᠣᠭᠲᠣᠯᠤᠨ᠂ ᠲᠡᠳᠡᠭᠡᠷ ᠲᠦ ᠲᠡᠳᠡᠨ ᠦ ᠬᠥᠯ ᠢ ᠬᠢᠭᠰᠡᠨ ᠪᠠᠶᠢᠯ᠎ᠠ᠃ ᠣᠷᠭᠣᠳᠠᠯ ᠤᠳ ᠢ ᠤᠯᠢᠶᠠᠰᠤᠲᠠᠢ ᠤᠷᠤᠭᠤ ᠬᠦᠷᠭᠡᠬᠦ ᠳᠦ ᠮᠣᠷᠢᠨ ᠳᠤ ᠵᠠᠶᠢᠳᠠᠩ ᠮᠣᠷᠳᠠᠭᠤᠯᠵᠤ᠂ ᠬᠣᠶᠠᠷ ᠬᠥᠯ ᠢ ᠨᠢ ᠳᠣᠣᠭᠤᠷ ᠨᠢ ᠬᠣᠯᠪᠣᠵᠤ᠂ ᠬᠠᠨᠴᠤᠢ ᠶᠢᠨ ᠦᠵᠦᠭᠦᠷ ᠢ ᠪᠣᠭᠣᠭᠠᠳ᠂ ᠮᠣᠷᠢᠳ ᠢ ᠲᠠᠭᠤᠵᠤ ᠶᠠᠪᠤᠳᠠᠭ ᠪᠠᠶᠢᠯ᠎ᠠ᠃ ᠣᠷᠭᠣᠳᠠᠯ ᠤᠳ ᠢ ᠤᠯᠢᠶᠠᠰᠤᠲᠠᠢ ᠳᠤ ᠴᠠᠭᠠᠵᠠᠯᠠᠵᠤ ᠪᠠᠶᠢᠭᠰᠠᠨ ᠢ ᠬᠠᠷᠠᠭᠰᠠᠨ ᠬᠦᠮᠦᠰ ᠦᠨ ᠶᠠᠷᠢᠶ᠎ᠠ ᠪᠠᠷ ᠪᠣᠯ ᠲᠣᠯᠣᠭᠠᠢ ᠪᠠᠨ ᠠᠪᠬᠠᠭᠤᠯᠬᠤ ᠬᠦᠮᠦᠨ ᠢ ᠨᠢᠴᠦᠭᠦᠯᠡᠭᠡᠳ᠂ ᠵᠠᠬ᠎ᠠ ᠮᠣᠳᠣᠨ ᠳᠤ ᠡᠯᠭᠦᠭᠡᠳ ᠴᠡᠭᠡᠵᠢ ᠤᠷᠤᠭᠤ ᠨᠢ ᠵᠢᠳᠠ ᠪᠠᠷ ᠬᠠᠳᠬᠤᠵᠤ᠂ ᠴᠡᠭᠡᠵᠢᠨ ᠦ ᠶᠠᠰᠤ ᠶᠢ ᠨᠢ ᠬᠡᠮᠬᠡ ᠴᠣᠬᠢᠬᠤ ᠳᠤ ᠬᠥᠵᠦᠭᠦᠦ ᠨᠢ ᠰᠤᠨᠳᠠᠭ ᠪᠠ ᠡᠨᠡ ᠦᠶ᠎ᠡ ᠪᠡᠷ ᠲᠣᠯᠣᠭᠠᠢ ᠶᠢ ᠨᠢ ᠣᠭᠲᠣᠯᠳᠠᠭ ᠪᠠᠶᠢᠵᠠᠢ》 ᠭᠡᠵᠦ ᠨᠣᠲᠠᠯᠠᠨ ᠬᠡᠯᠡᠵᠡᠢ᠃ ᠣᠷᠭᠣᠳᠠᠯ ᠤᠳ ᠢ ᠲᠠᠮᠠᠭ᠎ᠠ ᠶᠢᠨ ᠭᠠᠵᠠᠷ ᠬᠠᠶᠢᠷ᠎ᠠ ᠨᠠᠶᠢᠷ ᠦᠭᠡᠢ ᠪᠡᠷ ᠵᠣᠳᠣᠵᠤ᠂ ᠡᠷᠡᠭᠦᠦ ᠰᠢᠭᠦᠯᠲᠡ ᠲᠤᠯᠭᠠᠵᠤ ᠪᠠᠶᠢᠵᠠᠢ᠃ ᠱᠧᠮᠢ ᠨᠤᠲᠤᠭ ᠤᠨ 70 ᠨᠠᠰᠤᠲᠠᠢ ᠪᠦᠷᠪᠦᠵᠠᠯ 1942 ᠣᠨ ᠳᠤ ᠥᠭᠦᠯᠡᠬᠦ ᠳᠦ ᠪᠡᠨ᠄ 《ᠵᠠᠩᠵᠤᠨ ᠤ ᠭᠠᠵᠠᠷ ᠲᠤ ᠳᠠᠵᠤᠮᠠ ᠶᠢ ᠶᠢᠰᠦᠨ ᠬᠣᠨᠣᠭ ᠵᠠᠪ ᠴᠢᠯᠦᠭᠡ ᠦᠭᠡᠢ ᠳᠣᠭᠰᠢᠨ ᠰᠢᠷᠦᠭᠦᠨ ᠢᠶᠡᠷ ᠡᠷᠡᠭᠦᠳᠡᠨ ᠱᠠᠬᠠᠶᠢᠳᠠᠬᠤ ᠳᠤ᠂ ᠪᠤᠷᠤᠭᠤ ᠪᠠᠨ ᠬᠦᠯᠢᠶᠡᠨ ᠥᠴᠢᠭ ᠢᠶᠡᠨ ᠥᠭᠭᠦᠭᠰᠡᠨ ᠶᠤᠮ》 ᠭᠡᠰᠡᠨ ᠪᠣᠯ ᠲᠡᠰᠺᠧᠮ ᠬᠣᠰᠢᠭᠤᠨ ᠤ ᠴᠢᠷᠭᠤᠯᠠᠨᠳ᠋ᠤ ᠰᠤᠮᠤ ᠶᠢᠨ 79 ᠨᠠᠰᠤᠲᠠᠢ ᠰᠣᠶᠢᠰᠦ᠋ᠷᠦᠩ 1945 ᠣᠨ ᠳᠤ ᠥᠭᠦᠯᠡᠬᠦ ᠳᠦ ᠪᠡᠨ᠄ 《ᠲᠡᠷᠡ ᠦᠶ᠎ᠡ ᠳᠦ ᠪᠢ 17 ᠨᠠᠰᠤᠲᠠᠢ ᠪᠠᠶᠢᠯ᠎ᠠ᠃ ᠲᠠᠮᠠᠭ᠎ᠠ ᠶᠢᠨ ᠴᠡᠷᠢᠭ ᠦᠳ ᠣᠷᠭᠣᠳᠠᠯ ᠤᠳ ᠢ ᠳᠠᠷᠤᠭᠠᠳ ᠪᠠᠷᠢᠭᠳᠠᠭᠰᠠᠨ ᠬᠦᠮᠦᠰ ᠢ ᠰᠠᠮᠭᠠᠯ ᠲᠠᠢ ᠳᠤ ᠠᠪᠴᠤ ᠢᠷᠡᠭᠡᠳ᠂ ᠵᠠᠭᠤᠭᠠᠳ ᠬᠦᠮᠦᠨ ᠢ ᠥᠨᠳᠥᠷ ᠬᠠᠰᠢᠶᠠᠨ ᠳᠤ ᠣᠷᠣᠭᠤᠯᠤᠭᠠᠳ ᠬᠠᠷᠠᠭᠤᠯ ᠮᠠᠨᠠᠭ᠎ᠠ ᠲᠠᠯᠪᠢᠵᠤ᠂ ᠪᠠᠶᠢᠴᠠᠭᠠᠨ ᠰᠢᠭᠦᠵᠦ᠂ ᠤᠯᠢᠶᠠᠰᠤᠲᠠᠢ ᠤᠷᠤᠭᠤ ᠶᠠᠪᠤᠭᠤᠯᠵᠤ ᠪᠠᠶᠢᠯ᠎ᠠ᠃ ᠵᠢᠯ ᠪᠣᠯᠤᠭ᠎ᠠ ᠦᠭᠡᠢ ᠪᠠᠶᠢᠲᠠᠯ᠎ᠠ ᠬᠦᠮᠦᠰ ᠦᠨ ᠣᠭᠲᠣᠯᠤᠭᠰᠠᠨ ᠲᠣᠯᠣᠭᠠᠢ ᠶᠢ ᠨᠢᠭᠡ ᠲᠡᠮᠡᠭᠡᠨ ᠳᠦ ᠵᠠᠭᠤ ᠵᠠᠭᠤ ᠪᠠᠷ ᠨᠢ ᠠᠴᠢᠨ ᠠᠪᠴᠤ ᠢᠷᠡᠵᠦ ᠪᠠᠶᠢᠬᠤ ᠶᠢ ᠬᠠᠷᠠᠭᠰᠠᠨ᠃ ᠲᠡᠳᠡᠨ ᠢ ᠵᠠ-ᠣᠪᠣᠭᠠᠨ ᠤ ᠳᠠᠪᠠᠭ᠎ᠠ᠂ ᠬᠥᠨᠳᠧᠺᠭᠧᠨ ᠦ ᠳᠠᠪᠠᠭ᠎ᠠ᠂ ᠠᠳ᠋ᠤᠷᠲᠦᠰ᠂ ᠡᠯᠧᠽᠢᠨ ᠠᠭᠤᠯᠠᠨ ᠳᠤ ᠮᠣᠳᠣᠨ ᠳᠤ ᠡᠯᠭᠦᠴᠢᠬᠡᠭᠰᠡᠨ ᠪᠠᠶᠢᠭᠰᠠᠨ ᠶᠤᠮ᠃ ᠪᠠᠶᠢᠴᠠᠭᠠᠯᠲᠠ ᠶᠢᠨ ᠦᠶ᠎ᠡ ᠳᠦ ᠪᠣᠰᠤᠭᠴᠢᠳ ᠢ ᠤᠴᠢᠷ ᠵᠦᠭ ᠦᠭᠡᠢ ᠵᠣᠳᠣᠵᠤ᠂ ᠱᠠᠬᠠᠶᠢᠳᠠᠵᠤ᠂ ᠪᠠᠩᠵᠠᠳᠠᠵᠤ᠂ ᠲᠠᠰᠢᠭᠤᠷᠳᠠᠵᠤ ᠪᠠᠶᠢᠬᠤ ᠳᠤ ᠬᠦᠮᠦᠰ ᠦᠨ ᠶᠤᠤᠯᠠᠬᠤ ᠳᠠᠭᠤ ᠱᠤᠤᠭᠢᠶᠠᠨ᠂ ᠬᠠᠰᠬᠢᠷᠴᠣ ᠣᠷᠢᠯᠠᠬᠤ ᠴᠢᠮᠡᠭᠡ ᠴᠢᠬᠢᠨ ᠳᠦ ᠴᠢᠭᠢᠷᠡ ᠲᠡᠢ ᠰᠣᠨᠣᠰᠤᠭᠳᠠᠳᠠᠭ ᠪᠠᠶᠢᠯ᠎ᠠ》 ᠭᠡᠵᠦ ᠶᠠᠷᠢᠵᠠᠢ᠃
ᠤᠯᠢᠶᠠᠰᠤᠲᠠᠢ ᠤᠷᠤᠭᠤ ᠶᠠᠪᠤᠭᠤᠯᠤᠭᠰᠠᠨ ᠣᠷᠭᠣᠳᠠᠯ ᠤᠳ ᠢ ᠵᠠᠬ᠎ᠠ ᠠᠴᠠ ᠨᠢ ᠪᠠᠷᠢᠵᠤ ᠠᠪᠤᠭᠠᠳ ᠶᠢᠰᠦᠨ ᠡᠷᠡᠭᠦᠦ ᠰᠢᠭᠦᠯᠲᠡᠨ ᠳᠦ ᠣᠷᠣᠭᠤᠯᠵᠤ᠂ ᠠᠷᠠᠰᠤ ᠮᠢᠬ᠎ᠠ ᠶᠢ ᠨᠢ ᠠᠮᠢᠳᠤ ᠪᠠᠷ ᠨᠢ ᠱᠤᠯᠤᠵᠤ ᠪᠠᠶᠢᠭᠠᠳ ᠬᠢᠭᠰᠡᠨ ᠬᠡᠷᠡᠭ ᠢ ᠨᠢ ᠬᠦᠯᠢᠶᠡᠯᠭᠡᠳᠡᠭ ᠪᠠᠶᠢᠭᠰᠠᠨ ᠪᠠᠶᠢᠨ᠎ᠠ᠃ ᠪᠠᠩᠵᠠ ᠪᠠᠷ ᠪᠠᠩᠵᠠᠳᠠᠵᠤ᠂ ᠭᠤᠶᠠᠨ ᠤ ᠮᠢᠬ᠎ᠠ ᠶᠢ ᠨᠢ ᠣᠭᠲᠣᠯᠤᠨ᠂ ᠮᠣᠳᠣ ᠪᠠᠷ ᠨᠢᠷᠤᠭᠤ ᠳᠠᠭᠠᠤ ᠨᠢ ᠴᠣᠬᠢᠵᠤ᠂ ᠬᠦᠯᠢᠵᠦ ᠪᠠᠶᠢᠭᠠᠳ ᠱᠠᠬᠠᠶᠢᠳᠠᠵᠤ᠂ ᠮᠥᠨ ᠰᠠᠪᠰᠠᠯᠭ᠎ᠠ ᠪᠠᠷ ᠡᠷᠡᠭᠦᠳᠡᠵᠦ᠂ ᠨᠢᠳᠦ ᠶᠢ ᠨᠢ ᠬᠢᠯᠭᠠᠰᠤ ᠪᠠᠷ ᠬᠠᠳᠬᠤᠵᠤ᠂ ᠬᠣᠩᠭᠣᠷ ᠠᠵᠢᠷᠭᠠᠨ ᠳᠤ ᠰᠠᠭᠤᠯᠭᠠᠨ ᠤᠲᠤᠵᠤ᠂ ᠳᠥᠷᠪᠡᠨ ᠮᠥᠴᠢ ᠶᠢ ᠨᠢ ᠬᠡᠷᠡᠵᠦ᠂ ᠦᠬᠦᠬᠦ ᠶᠢᠨ ᠳᠠᠪᠠᠭᠠᠨ ᠳᠤ ᠬᠦᠷᠬᠦ ᠳᠦ 《ᠺᠠᠢᠢᠭᠠᠯ ᠤᠳ》 ᠠᠷᠭ᠎ᠠ ᠦᠭᠡᠢ ᠶᠢᠨ ᠡᠷᠬᠡᠨ ᠳᠦ ᠥᠴᠢᠭ ᠢᠶᠡᠨ ᠥᠭᠴᠦ ᠪᠠᠶᠢᠵᠠᠢ᠃ ᠡᠶᠢᠮᠦ ᠳᠣᠭᠰᠢᠨ ᠰᠢᠷᠦᠭᠦᠨ ᠡᠷᠡᠭᠦᠦ ᠰᠢᠭᠦᠯᠲᠡ ᠶᠢᠨ ᠡᠴᠦᠰ ᠲᠦ 50 ᠭᠠᠷᠤᠢ ᠣᠷᠭᠣᠳᠠᠯ ᠢ ᠤᠯᠢᠶᠠᠰᠤᠲᠠᠢ ᠳᠤ ᠮᠠᠨᠵᠤ ᠶᠢᠨ ᠡᠷᠬᠡ ᠪᠠᠷᠢᠭᠴᠢᠳ ᠤᠨ ᠭᠠᠷ ᠲᠤ ᠥᠭᠴᠦ ᠶᠠᠪᠤᠭᠤᠯᠤᠭᠰᠠᠨ ᠪᠠ ᠲᠡᠳᠡᠨ ᠢ ᠤᠯᠢᠶᠠᠰᠤᠲᠠᠢ ᠳᠤ ᠬᠦᠷᠭᠡᠭᠰᠡᠨ ᠵᠠᠷᠤᠳᠠᠯ ᠢ ᠣᠷᠭᠣᠳᠠᠯ ᠤᠳ ᠤᠨ ᠬᠣᠰᠢᠭᠤ᠂ ᠰᠤᠮᠤᠳ ᠠᠴᠠ ᠭᠠᠷᠭᠠᠭᠤᠯᠵᠠᠢ᠃ 1888 ᠣᠨ ᠳᠤ ᠵᠥᠪᠬᠡᠨ ᠳᠥᠷᠪᠡᠨ ᠬᠦᠮᠦᠨ ᠢ ᠤᠯᠢᠶᠠᠰᠤᠲᠠᠢ ᠳᠤ ᠬᠦᠷᠭᠡᠬᠦ ᠳᠦ᠂ ᠤᠯᠠᠭᠠᠨ ᠳᠤ 31 ᠮᠣᠷᠢ᠂ 26 ᠭᠡᠭᠦᠦ᠂ ᠪᠤᠰᠤᠳ ᠵᠠᠷᠤᠳᠠᠯ ᠳᠤ 2000 ᠬᠡᠷᠡᠮᠦᠨ ᠦ ᠠᠷᠠᠰᠤ᠂ 100 ᠠᠷᠠᠰᠤ ᠰᠢᠷᠢ ᠶᠢ ᠳ᠋ᠠ ᠬᠣᠰᠢᠭᠤᠨ ᠤ 10 ᠰᠤᠮᠤᠳ ᠠᠴᠠ ᠭᠠᠷᠭᠠᠭᠤᠯᠵᠠᠢ᠃ ᠤᠯᠢᠶᠠᠰᠤᠲᠠᠢ ᠳᠤ ᠲᠡᠳᠡᠨ ᠢ ᠬᠦᠷᠭᠡᠭᠰᠡᠨ ᠲᠦᠰᠢᠮᠡᠳ ᠬᠢᠲᠠᠳ ᠬᠤᠳᠠᠯᠳᠤᠭᠠᠴᠢᠳ ᠠᠴᠠ ᠶᠡᠬᠡ ᠬᠡᠮᠵᠢᠶᠡᠨ ᠦ ᠥᠷᠢ ᠲᠠᠯᠪᠢᠵᠤ᠂ ᠲᠡᠭᠦᠨ ᠢ ᠨᠢ ᠬᠣᠶᠠᠷ ᠬᠣᠰᠢᠭᠤ ᠪᠠᠷ ᠲᠥᠯᠥᠭᠦᠯᠬᠦ ᠪᠡᠷ ᠳᠠᠭᠠᠳᠬᠠᠵᠠᠢ᠃
ᠤᠯᠢᠶᠠᠰᠤᠲᠠᠢ ᠳᠤ ᠠᠪᠠᠴᠢᠭᠰᠠᠨ ᠣᠷᠭᠣᠳᠠᠯ ᠤᠳ ᠤᠨ ᠬᠡᠷᠡᠭ ᠢ ᠰᠢᠭᠦᠵᠦ ᠬᠡᠳᠦᠬᠡᠨ ᠬᠦᠮᠦᠨ ᠡᠴᠡ ᠪᠤᠰᠤᠳ ᠢ ᠰᠢᠭᠦᠬᠦ ᠳᠦ ᠰᠢᠯᠵᠢᠭᠦᠯᠦᠭᠰᠡᠨ ᠪᠠ ᠲᠡᠳᠡᠨ ᠦ ᠳᠣᠲᠣᠷ᠎ᠠ ᠠᠴᠠ 《ᠰᠠᠷᠰᠳᠢ 》 ᠬᠥᠴᠥᠳᠦ ᠮᠣᠩᠭᠤᠱ ᠰᠠᠳ᠋ᠶᠠᠵᠤᠺ ᠶᠠᠩᠵᠤ ᠪᠦᠷᠢ ᠶᠢᠨ ᠠᠷᠭ᠎ᠠ ᠪᠠᠷ ᠣᠷᠣᠯᠳᠤᠵᠤ ᠪᠠᠶᠢᠭᠠᠳ ᠭᠢᠨᠵᠢᠨ ᠡᠴᠡ ᠰᠠᠯᠵᠤ᠂ ᠭᠢᠨᠳᠠᠨ ᠠᠴᠠ ᠣᠷᠭᠣᠵᠤ ᠭᠠᠷᠤᠭᠠᠳ ᠮᠣᠩᠭᠣᠯ ᠢᠶᠠᠷ ᠵᠢᠯ ᠣᠷᠴᠢᠮ ᠲᠡᠨᠦᠵᠦ ᠶᠠᠪᠤᠭᠠᠳ ᠨᠤᠲᠤᠭ ᠲᠤ ᠪᠠᠨ ᠪᠤᠴᠠᠵᠤ ᠢᠷᠡᠵᠡᠢ᠃ ᠡᠨᠡ ᠣᠷᠭᠣᠳᠠᠯ ᠢ ᠪᠠᠷᠢᠬᠤ ᠠᠰᠠᠭᠤᠳᠠᠯ 1886 ᠣᠨ ᠬᠦᠷᠲᠡᠯ᠎ᠡ ᠲᠠᠰᠤᠷᠠᠭ᠎ᠠ ᠦᠭᠡᠢ ᠪᠠ ᠲᠡᠭᠦᠨ ᠢ ᠠᠷᠠᠳ ᠲᠦᠮᠡᠨ ᠥᠮᠥᠭᠡᠷᠡᠨ ᠨᠢᠭᠤᠵᠤ᠂ ᠪᠠᠷᠢᠵᠤ ᠥᠭᠭᠦᠭᠡ ᠦᠭᠡᠢ ᠶᠤᠮ ᠭᠡᠳᠡᠭ᠃ ᠬᠦᠮᠦᠨ ᠦ ᠲᠣᠯᠣᠭᠠᠢ ᠡᠯᠭᠦᠭᠰᠡᠨ ᠮᠣᠳᠣᠨ ᠳᠤ ᠬᠠᠪᠲᠠᠭᠠᠢ ᠮᠣᠳᠣ ᠪᠡᠬᠢᠯᠡᠵᠦ ᠲᠡᠭᠦᠨ ᠳᠡᠭᠡᠷ᠎ᠡ 《ᠤᠯᠢᠶᠠᠰᠤᠲᠠᠢ ᠳᠤ ᠬᠦᠷᠭᠡᠭᠳᠡᠨ ᠲᠤᠰᠢᠶᠠᠭᠳᠠᠭᠰᠠᠨ ᠳᠡᠭᠡᠷᠡᠮᠴᠢᠨ ᠤᠷᠢᠶᠠᠩᠬᠠᠶᠢᠴᠤᠳ ᠳᠡᠭᠡᠷᠡᠮ ᠦᠢᠯᠡᠳᠴᠦ᠂ ᠬᠦᠮᠦᠨ ᠠᠷᠠᠳ ᠢ ᠳᠣᠷᠣᠮᠵᠢᠯᠠᠭᠰᠠᠨ ᠬᠡᠷᠡᠭ ᠦᠨ ᠤᠴᠢᠷ ᠲᠣᠯᠣᠭᠠᠢ ᠪᠠᠨ ᠠᠪᠬᠠᠭᠤᠯᠵᠠᠢ᠃ ᠲᠡᠳᠡᠨ ᠢ ᠵᠢᠭᠰᠢᠭᠦᠯᠬᠦ ᠶᠢᠨ ᠲᠤᠯᠠᠳᠠ ᠲᠣᠯᠣᠭᠠᠢ ᠶᠢ ᠨᠡᠶᠢᠲᠡ ᠶᠢᠨ ᠡᠮᠦᠨ᠎ᠡ ᠡᠯᠭᠦᠯ᠎ᠡ》 ᠭᠡᠵᠦ ᠪᠢᠴᠢᠵᠡᠢ᠃ ᠳᠠᠷᠤᠯᠠᠨ ᠮᠥᠯᠵᠢᠭᠴᠢᠳ ᠥᠪᠡᠷᠰᠡᠳ ᠦᠨ ᠡᠷᠬᠡ ᠠᠰᠢᠭ ᠢᠶᠠᠨ ᠬᠠᠮᠠᠭᠠᠯᠠᠬᠤ ᠶᠢᠨ ᠲᠤᠯᠠᠳᠠ ᠶᠠᠭᠤ ᠴᠤ ᠬᠢᠬᠦ ᠡᠴᠡ ᠪᠤᠴᠠᠳᠠᠭ ᠦᠭᠡᠢ ᠪᠠᠶᠢᠭᠰᠠᠨ ᠨᠢ ᠡᠭᠦᠪᠡᠷ ᠢᠯᠡᠷᠡᠵᠦ ᠪᠠᠶᠢᠨ᠎ᠠ᠃ ᠳᠡᠭᠡᠷ᠎ᠡ ᠦᠶ᠎ᠡ ᠳᠦ ᠮᠣᠰᠺᠸᠠ ᠶᠢᠨ ᠡᠷᠬᠡᠲᠡᠨ ᠲᠣᠮᠣ ᠨᠣᠶᠠᠳ ᠰᠫᠧᠫᠠᠨ ᠷᠠᠽᠢᠨ ᠤ ᠪᠣᠰᠤᠯᠭ᠎ᠠ ᠳᠤ ᠣᠷᠣᠯᠴᠠᠭᠰᠠᠨ ᠲᠠᠷᠢᠶᠠᠴᠢᠳ ᠢ ᠳᠠᠷᠤᠭᠠᠳ᠂ ᠪᠤᠰᠤᠳ ᠲᠠᠷᠢᠶᠠᠴᠢᠳ ᠢ ᠬᠠᠰᠢᠷᠠᠭᠠᠬᠤ ᠶᠢᠨ ᠲᠤᠯᠠᠳᠠ ᠱᠠᠯᠠᠨ ᠳᠡᠭᠡᠷ᠎ᠡ ᠴᠠᠬ᠎ᠠ ᠪᠣᠰᠬᠠᠵᠤ ᠲᠡᠭᠦᠨ ᠳᠡᠭᠡᠷ᠎ᠡ ᠴᠠᠭᠠᠵᠠᠯᠠᠭᠳᠠᠭᠰᠠᠨ ᠲᠠᠷᠢᠶᠠᠴᠢᠳ ᠢ ᠡᠯᠭᠦᠨ᠂ ᠢᠵᠢᠯ ᠮᠥᠷᠡᠨ ᠢᠶᠡᠷ ᠤᠷᠤᠰᠬᠠᠨ ᠶᠠᠪᠤᠭᠤᠯᠵᠤ ᠪᠠᠶᠢᠭᠰᠠᠨ ᠢ ᠲᠡᠦᠬᠡ ᠮᠡᠳᠡᠨ᠎ᠡ᠃ ᠲᠡᠭᠦᠨ ᠡᠴᠡ ᠴᠤ ᠳᠤᠲᠠᠭᠤ ᠦᠭᠡᠢ ᠵᠦᠢᠯ ᠢ ᠮᠠᠨᠵᠤ ᠪᠣᠯᠤᠨ ᠲᠤᠪᠠ ᠶᠢᠨ ᠨᠣᠶᠠᠳ ᠦᠢᠯᠡᠳᠦᠭᠰᠡᠨ ᠪᠠᠶᠢᠬᠤ ᠠᠵᠡᠢ᠃
ᠬᠦᠮᠦᠰ ᠦᠨ ᠡᠯᠭᠦᠭᠳᠡᠭᠰᠡᠨ ᠲᠣᠯᠣᠭᠠᠢ ᠨᠢ ᠵᠢᠯ᠂ ᠰᠠᠷ᠎ᠠ ᠪᠠᠷ ᠨᠠᠷᠠ᠂ ᠰᠠᠯᠬᠢ᠂ ᠪᠣᠷᠣᠭ᠎ᠠ᠂ ᠴᠠᠰᠤᠨ ᠳᠤ ᠳᠠᠷᠤᠭᠳᠠᠨ ᠤᠨᠵᠢᠵᠤ ᠪᠠᠶᠢᠭᠰᠠᠨ ᠪᠠ ᠠᠶᠤᠮᠠᠬᠠᠢ ᠬᠦᠮᠦᠰ ᠠᠶᠤᠵᠤ ᠰᠡᠵᠢᠭᠯᠡᠨ᠂ ᠡᠷ᠎ᠡ ᠵᠣᠷᠢᠭᠲᠠᠢ ᠨᠢ ᠠᠭᠤᠷᠯᠠᠨ ᠪᠤᠬᠢᠨᠢᠳᠤᠵᠤ᠂ ᠦᠰ ᠰᠠᠨᠠᠵᠤ ᠶᠠᠪᠤᠳᠠᠭ ᠪᠣᠯᠤᠭᠰᠠᠨ ᠪᠠᠶᠢᠪᠠ᠃ ᠵᠢᠱᠢᠶ᠎ᠡ ᠨᠢ ᠠᠳᠠᠰᠫᠠᠢ ᠭᠡᠭᠴᠢ ᠬᠦᠮᠦᠨ 《ᠨᠡᠯᠢᠶᠡᠳ ᠤᠳᠠᠭᠰᠠᠨ ᠤ ᠳᠠᠷᠠᠭ᠎ᠠ ᠡᠯᠭᠦᠭᠳᠡᠭᠰᠡᠨ ᠲᠣᠯᠣᠭᠠᠢ ᠶᠢ ᠬᠠᠷᠠᠭᠰᠠᠨ ᠶᠤᠮ᠃ ᠠᠷᠠᠳ ᠤᠳ ᠨᠣᠶᠠᠳ ᠲᠤ ᠠᠭᠤᠷᠯᠠᠨ᠂ ᠬᠢᠯᠢᠩᠨᠡᠵᠦ ᠶᠠᠪᠤᠳᠠᠭ ᠪᠠᠶᠢᠪᠠ》 ᠭᠡᠵᠦ ᠶᠠᠷᠢᠭᠰᠠᠨ ᠪᠠᠶᠢᠬᠤ ᠠᠵᠢ᠃ ᠵᠢᠷᠠᠨ ᠪᠠᠭᠠᠲᠤᠷ ᠤᠨ ᠨᠢᠭᠡᠨ ᠦ ᠬᠢ ᠨᠢ ᠬᠥᠦ᠂ ᠨᠡᠷᠡᠲᠦ ᠲᠤᠤᠯᠢᠴᠢ ᠲᠧᠸᠧᠺ ᠺᠧᠵᠦᠭᠧ᠄ 《ᠨᠠᠰᠤ ᠥᠲᠡᠯᠦᠨ᠎ᠡ᠂ ᠦᠰ ᠬᠣᠨᠵᠢᠩ ᠦᠲᠡᠯᠬᠦ ᠦᠭᠡᠢ》 ᠭᠡᠵᠦ ᠲᠤᠩ ᠴᠤ ᠣᠨᠣᠵᠤ ᠬᠡᠯᠡᠭᠰᠡᠨ ᠪᠠᠶᠢᠬᠤ ᠪᠥᠭᠡᠳ ᠦᠨᠡᠨ ᠳᠦ ᠪᠡᠨ ᠴᠤ ᠵᠢᠷᠠᠨ ᠪᠠᠭᠠᠲᠤᠷ ᠤᠨ ᠦᠢᠯᠡ ᠶᠠᠪᠤᠳᠠᠯ ᠡᠴᠦᠰ ᠲᠡᠭᠡᠨ ᠠᠯᠳᠠᠷᠰᠢᠨ᠂ ᠬᠣᠶᠢᠰᠢᠳᠠ ᠶᠢᠨ ᠲᠡᠮᠡᠴᠡᠯ ᠳᠦ ᠠᠰᠢᠭ ᠲᠤᠰᠠ ᠪᠠᠨ ᠥᠭᠭᠦᠭᠰᠡᠨ ᠪᠠᠶᠢᠨ᠎ᠠ᠃ ᠣᠭᠲᠣᠯᠵᠤ ᠠᠪᠤᠭᠰᠠᠨ ᠲᠣᠯᠣᠭᠠᠢ ᠨᠤᠭᠤᠳ ᠢ ᠬᠠᠮᠢᠭ᠎ᠠ ᠡᠯᠭᠥᠬᠦ ᠲᠤᠬᠠᠢ ᠠᠰᠠᠭᠤᠳᠠᠯ ᠳᠤ᠄ 《ᠰᠠᠮᠳᠠᠩ ᠤᠨ ᠬᠡᠰᠡᠭ ᠦᠨ ᠲᠠᠪᠤᠨ ᠬᠦᠮᠦᠨ ᠦ ᠲᠣᠯᠣᠭᠠᠢ》᠂ 《ᠺᠣᠯᠪᠠᠺ ᠨᠠᠷ ᠤᠨ ᠳᠥᠷᠪᠡᠨ ᠬᠦᠮᠦᠨ ᠦ ᠲᠣᠯᠣᠭᠠᠢ》᠂ 《ᠬᠧᠷᠲ᠋ᠧᠺ ᠰᠣᠷᠣᠺᠫᠠᠯᠤᠺ ᠤᠨ ᠬᠡᠰᠡᠭ ᠦᠨ ᠳᠥᠷᠪᠡᠨ ᠬᠦᠮᠦᠨ ᠦ ᠲᠣᠯᠣᠭᠠᠢ》᠂ 《ᠺᠣᠺ᠂ ᠰᠠᠮᠪᠤᠵᠠᠺ ᠨᠠᠷ ᠤᠨ ᠬᠣᠶᠠᠷ ᠬᠦᠮᠦᠨ ᠦ ᠲᠣᠯᠣᠭᠠᠢ》 ᠭᠡᠵᠦ ᠪᠢᠴᠢᠭᠳᠡᠭᠰᠡᠨ ᠨᠢ ᠲᠡᠳᠡᠨ ᠢ 《ᠪᠣᠰᠤᠭᠴᠢᠳ ᠤᠨ ᠭᠣᠣᠯ ᠲᠣᠯᠣᠭᠠᠶᠢᠯᠠᠭᠴᠢᠳ》 ᠭᠡᠵᠦ ᠦᠵᠡᠭᠰᠡᠨ ᠨᠢ ᠲᠣᠳᠣᠷᠬᠠᠢ ᠪᠠᠶᠢᠨ᠎ᠠ᠃ ᠮᠥᠨ ᠺᠣᠺ ᠰᠠᠮᠪᠤᠵᠤᠺ᠂ ᠳᠠᠵᠤᠮᠠ ᠬᠣᠶᠠᠷ ᠤᠨ ᠲᠣᠯᠣᠭᠠᠢ ᠶᠢ ᠬᠠᠮᠲᠤ ᠶᠠᠪᠤᠭᠤᠯᠵᠤ᠂ ᠨᠢᠭᠡ ᠭᠠᠵᠠᠷ ᠡᠯᠭᠥᠬᠦ ᠲᠤᠬᠠᠢ ᠣᠨᠴᠠᠯᠠᠨ ᠢᠯᠭᠠᠵᠤ ᠪᠢᠴᠢᠭᠰᠡᠨ ᠨᠢ ᠲᠡᠳᠡ ᠭᠣᠣᠯ ᠡᠭᠦᠷᠭᠡ ᠲᠡᠢ ᠪᠠᠶᠢᠭᠰᠠᠨ ᠢ ᠭᠡᠷᠡᠴᠢᠯᠡᠵᠦ ᠪᠠᠶᠢᠨ᠎ᠠ᠃
ᠭᠡᠬᠦ ᠳᠦ ᠪᠡᠨ ᠵᠥᠪᠬᠡᠨ ᠣᠷᠭᠣᠳᠠᠯ ᠤᠳ ᠴᠠᠭᠠᠵᠠ ᠪᠠᠷ ᠠᠪᠬᠠᠭᠤᠯᠤᠭᠠᠳ ᠵᠣᠭᠰᠣᠬᠤ ᠦᠭᠡᠢ ᠬᠡᠷᠴᠡᠭᠡᠢ ᠨᠣᠶᠠᠳ ᠲᠡᠳᠡᠨ ᠦ ᠠᠷᠤ ᠭᠡᠷ ᠦᠨ ᠬᠢᠨ ᠢ ᠪᠠᠰᠠ ᠬᠦᠢᠰᠦ ᠲᠡᠮᠲᠡᠷᠢᠭᠰᠡᠨ ᠪᠠᠶᠢᠬᠤ ᠵᠢᠱᠢᠶ᠎ᠡ ᠲᠡᠢ᠃ ᠶᠠᠮᠠᠷ ᠰᠠᠶᠢᠨ ᠳᠤ ᠪᠠᠨ ᠯᠠ ᠪᠠᠯᠠᠮᠠᠳ ᠨᠣᠶᠠᠳ 《ᠵᠢᠷᠠᠨ ᠣᠷᠭᠣᠳᠠᠯ ᠤᠨ ᠦᠨᠳᠦᠰᠦ ᠶᠢ ᠲᠠᠰᠤᠯᠤᠨ᠂ ᠭᠡᠷ ᠣᠷᠣᠨ ᠢ ᠨᠢ ᠬᠣᠭᠣᠰᠣᠷᠠᠭᠤᠯᠤᠨ ᠳᠡᠭᠡᠷᠡᠮᠳᠡᠵᠦ᠂ ᠡᠷᠡᠭᠲᠡᠢ ᠬᠡᠦᠬᠡᠳ ᠦᠳ ᠦᠨ ᠬᠢ ᠨᠢ ᠨᠢᠳᠦ ᠶᠢ ᠰᠣᠬᠣᠯᠤᠨ᠂ ᠡᠮᠡᠭᠲᠡᠢ ᠬᠡᠦᠬᠡᠳ ᠦᠨ ᠬᠢ ᠨᠢ ᠳᠤᠮᠳᠠ ᠴᠢᠮᠦᠭᠡ ᠶᠢ ᠬᠤᠭᠤ ᠴᠤᠬᠢᠬᠤ ᠬᠡᠷᠡᠭᠲᠡᠢ》 ᠭᠡᠵᠦ ᠴᠡᠷᠢᠭ ᠦᠳ ᠲᠡᠭᠡᠨ ᠳᠠᠭᠠᠭᠠᠯᠭᠠᠪᠤᠷᠢ ᠥᠭᠴᠦ ᠪᠠᠶᠢᠬᠤ ᠪᠢᠯᠡ ᠳ᠋ᠡ᠃ ᠵᠢᠷᠠᠨ ᠪᠠᠭᠠᠲᠤᠷ ᠤᠨ ᠦᠢᠯᠡ ᠶᠠᠪᠤᠳᠠᠯ ᠮᠠᠨᠵᠤ ᠠᠮᠪᠠᠨ ᠪᠠᠶᠢᠲᠤᠭᠠᠢ ᠮᠠᠨᠵᠤ ᠶᠢᠨ ᠡᠵᠡᠨ ᠬᠠᠭᠠᠨ ᠤ ᠰᠣᠨᠣᠷ ᠲᠤ ᠬᠦᠷᠴᠦ ᠪᠠᠶᠢᠭᠰᠠᠨ ᠭᠡᠵᠦ ᠪᠣᠳᠣᠬᠤ ᠪᠠᠷ ᠠᠷᠭ᠎ᠠ ᠦᠭᠡᠢ ᠯᠠ ᠬᠤᠷᠴᠠ ᠰᠢᠷᠦᠭᠦᠨ ᠲᠡᠮᠡᠴᠡᠯ ᠪᠠᠶᠢᠭᠰᠠᠨ ᠨᠢ ᠢᠯᠡᠳᠲᠡ᠃ ᠲᠡᠶᠢᠮᠦ ᠳᠦ ᠪᠡᠨ ᠴᠤ ᠵᠢᠷᠠᠨ ᠪᠠᠭᠠᠲᠤᠷ ᠤᠨ ᠪᠣᠰᠤᠯᠭ᠎ᠠ ᠲᠡᠭᠦᠨ ᠡᠴᠡ ᠬᠣᠶᠢᠰᠢ ᠭᠠᠷᠬᠤ ᠵᠡᠪᠰᠡᠭᠲᠦ ᠪᠣᠰᠤᠯᠭ᠎ᠠ ᠳᠤ ᠰᠤᠷᠭᠠᠮᠵᠢ ᠪᠣᠯᠤᠭᠰᠠᠨ ᠪᠠ ᠠᠷᠠᠳ ᠣᠯᠠᠨ ᠤ ᠤᠬᠠᠮᠰᠠᠷ ᠢ ᠰᠡᠷᠭᠦᠭᠡᠵᠦ᠂ ᠠᠶᠢᠮᠠᠭ᠂ ᠬᠣᠰᠢᠭᠤ᠂ ᠶᠠᠰᠤᠲᠠᠨ ᠨᠤᠭᠤᠳ ᠤᠨ ᠬᠣᠭᠣᠷᠣᠨᠳᠣ ᠶᠢᠨ ᠲᠦᠭᠵᠢᠭᠳᠡᠮᠡᠯ ᠪᠠᠶᠢᠳᠠᠯ ᠢ ᠢᠯᠡ ᠲᠣᠳᠣ ᠪᠣᠯᠭᠠᠵᠤ ᠥᠭᠭᠦᠭᠰᠡᠨ ᠪᠠᠶᠢᠨ᠎ᠠ᠃ ᠪᠣᠰᠤᠭᠴᠢᠳ ᠬᠣᠶᠠᠷ ᠬᠣᠰᠢᠭᠤ ᠶᠢ ᠨᠡᠶᠢᠯᠡᠭᠦᠯᠵᠦ ᠴᠢᠳᠠᠭ᠎ᠠ ᠦᠭᠡᠢ ᠪᠣᠯᠪᠠᠴᠤ ᠲᠡᠮᠡᠴᠡᠯ ᠳᠦ ᠪᠡᠨ 10 ᠭᠠᠷᠤᠢ ᠠᠶᠢᠮᠠᠭ᠂ ᠶᠠᠰᠤᠲᠠᠨ ᠨᠤᠭᠤᠳ ᠤᠨ ᠲᠥᠯᠥᠭᠡᠯᠡᠭᠴᠢᠳ ᠢ ᠣᠷᠤᠯᠴᠠᠭᠤᠯᠤᠭᠰᠠᠨ ᠨᠢ ᠬᠠᠮᠤᠭ ᠤᠨ ᠴᠢᠬᠤᠯᠠ ᠠᠯᠬᠤᠮ ᠪᠣᠯᠤᠭᠰᠠᠨ ᠢ ᠲᠤᠪᠠ ᠶᠢᠨ ᠵᠣᠬᠢᠶᠠᠯᠴᠢ ᠶᠦ᠊ ∙ ᠯ ∙ ᠠᠷᠠᠨᠴᠢᠶ ᠣᠨᠴᠠᠯᠠᠨ ᠲᠡᠮᠳᠡᠭᠯᠡᠵᠡᠢ᠃
ᠠᠯᠢᠪᠠ ᠤᠯᠤᠰ ᠣᠷᠣᠨ ᠤ ᠲᠡᠦᠬᠡᠨ ᠳᠦ ᠪᠣᠯᠵᠤ ᠥᠩᠭᠡᠷᠡᠭᠰᠡᠨ ᠲᠣᠮᠣᠬᠠᠨ ᠲᠡᠮᠡᠴᠡᠯ ᠬᠥᠳᠡᠯᠭᠡᠭᠡᠨ ᠬᠣᠵᠢᠮ ᠶᠠᠮᠠᠷ ᠨᠢᠭᠡᠨ ᠪᠠᠶᠢᠳᠠᠯ ᠢᠶᠠᠷ ᠤᠯᠠ ᠮᠥᠷ ᠢᠶᠡᠨ ᠦᠯᠡᠳᠡᠭᠡᠭᠰᠡᠨ ᠪᠠᠶᠢᠳᠠᠭ᠃ ᠵᠢᠱᠢᠶ᠎ᠡ ᠨᠢ ᠬᠣᠲᠣᠭᠣᠶᠢᠳ ᠤᠨ ᠸᠠᠩ ᠴᠢᠩᠭᠦᠩᠵᠠᠪ ᠤᠨ ᠪᠣᠰᠤᠯᠭ᠎ᠠ ᠬᠥᠪᠰᠥᠭᠥᠯ ᠨᠤᠲᠤᠭ ᠲᠤ ᠮᠠᠰᠢ ᠣᠯᠠᠨ ᠳᠣᠮᠣᠭ ᠲᠡᠦᠬᠡ᠂ ᠰᠢᠯᠦᠭ᠂ ᠳᠠᠭᠤᠤ ᠦᠯᠡᠳᠡᠭᠡᠭᠰᠡᠨ ᠪᠠᠶᠢᠳᠠᠭ᠃ ᠵᠢᠷᠠᠨ ᠪᠠᠭᠠᠲᠤᠷ ᠤᠨ ᠪᠣᠰᠤᠯᠭ᠎ᠠ ᠶᠢᠨ ᠬᠤᠪᠢ ᠳᠤ ᠭᠡᠪᠡᠯ ᠲᠤᠸᠠ ᠤᠯᠤᠰ ᠲᠤ ᠮᠠᠰᠢ ᠣᠯᠠᠨ ᠳᠠᠭᠤᠤ ᠦᠯᠡᠳᠡᠭᠡᠵᠡᠢ᠃ ᠵᠢᠷᠠᠨ ᠪᠠᠭᠠᠲᠤᠷ ᠤᠨ ᠬᠥᠳᠡᠯᠭᠡᠭᠡᠨ ᠳᠦ ᠣᠷᠣᠯᠴᠠᠵᠤ ᠶᠠᠪᠤᠭᠰᠠᠨ ᠪᠤᠶᠤ ᠲᠡᠳᠡᠨ ᠲᠡᠢ ᠬᠣᠯᠪᠣᠭᠠᠲᠠᠢ ᠪᠠᠶᠢᠭᠰᠠᠨ ᠬᠦᠮᠦᠰ ᠥᠪᠡᠷᠰᠡᠳ ᠢᠶᠡᠨ ᠳᠠᠭᠤᠤ ᠵᠣᠬᠢᠶᠠᠵᠤ ᠳᠠᠭᠤᠯᠠᠳᠠᠭ ᠪᠠᠶᠢᠵᠠᠢ᠃ ᠵᠢᠱᠢᠶ᠎ᠡ ᠨᠢ᠂
《ᠴᠥᠯ ᠳᠦ ᠦᠯᠡᠳᠡᠳᠡᠭ ᠶᠠᠰᠤ ᠮᠢᠨᠢ
ᠴᠥᠯᠡᠯᠭᠡᠨ ᠳᠦ ᠶᠠᠪᠤᠳᠠᠭ ᠪᠡᠶ᠎ᠡ ᠮᠢᠨᠢ
ᠲᠣᠯᠣᠭᠠᠳ ᠲᠤ ᠦᠯᠡᠳᠡᠳᠡᠭ ᠶᠠᠰᠤ ᠮᠢᠨᠢ
ᠲᠣᠯᠣᠭᠠᠢ ᠪᠠᠨ ᠴᠠᠪᠴᠢᠭᠤᠯᠳᠠᠭ ᠪᠡᠶ᠎ᠡ ᠮᠢᠨᠢ ᠁》 ᠭᠡᠳᠡᠭ ᠳᠠᠭᠤᠤ ᠭᠠᠷᠤᠭᠰᠠᠨ ᠪᠠᠶᠢᠬᠤ ᠠᠵᠢ᠃ ᠮᠥᠨ
《ᠬᠠᠳᠠ ᠢᠬᠤ ᠲᠠᠢ ᠬᠠᠶᠢᠷᠬᠠᠨ ᠳᠤ
ᠬᠠᠷᠠᠶᠢᠵᠤ ᠴᠤ ᠶᠠᠪᠤᠯ᠎ᠠ᠂ ᠠᠯᠬᠤᠵᠤ ᠴᠤ ᠶᠠᠪᠤᠯ᠎ᠠ
ᠬᠠᠲᠠᠭᠤ ᠰᠢᠷᠦᠭᠦᠨ ᠣᠨᠳᠠᠷ ᠤᠳ ᠲᠤ
ᠬᠠᠳᠬᠤᠭᠤᠯᠵᠤ ᠴᠤ ᠶᠠᠪᠤᠯ᠎ᠠ᠂ ᠵᠣᠳᠣᠭᠤᠯᠵᠤ ᠴᠤ ᠶᠠᠪᠤᠯ᠎ᠠ
ᠵᠡᠷᠭᠡᠯᠭᠡ ᠲᠠᠲᠠᠭᠰᠠᠨ ᠨᠣᠶᠠᠨ ᠨᠠᠭᠤᠷ ᠲᠤ
ᠵᠢᠪᠡᠭᠦᠴᠡᠵᠦ ᠴᠤ ᠶᠠᠪᠤᠯ᠎ᠠ᠂ ᠲᠥᠭᠡᠷᠢᠵᠥ ᠴᠤ ᠶᠠᠪᠤᠯ᠎ᠠ
ᠰᠢᠷᠦᠭᠦᠨ ᠳᠣᠭᠰᠢᠨ ᠣᠨᠳᠠᠷ ᠤᠳ ᠲᠤ
ᠴᠢᠷᠦᠭᠳᠡᠵᠦ ᠴᠤ ᠶᠠᠪᠤᠯ᠎ᠠ᠂ ᠰᠡᠭᠰᠦᠷᠦᠭᠦᠯᠵᠦ ᠴᠤ ᠶᠠᠪᠤᠯ᠎ᠠ ᠁》 ᠭᠡᠬᠦ ᠮᠡᠲᠦ ᠲᠡᠭᠦᠨᠴᠢᠯᠡᠨ ᠵᠢᠷᠠᠨ ᠪᠠᠭᠠᠲᠤᠷ ᠤᠨ ᠲᠤᠬᠠᠢ᠂
《ᠳᠥᠷᠪᠡᠭᠦᠯᠡ ᠪᠡᠨ ᠬᠠᠮᠲᠤ ᠶᠠᠪᠤᠶ᠎ᠠ ᠯᠠ ᠳ᠋ᠠ
ᠳᠥᠷᠪᠡᠳ ᠨᠤᠲᠤᠭ ᠲᠤ ᠣᠴᠢᠶ᠎ᠠ ᠯᠠ ᠳ᠋ᠠ
ᠠᠷᠪᠠᠭᠤᠯᠠ ᠪᠠᠨ ᠬᠠᠮᠲᠤ ᠶᠠᠪᠤᠶ᠎ᠠ ᠯᠠ ᠳ᠋ᠠ
ᠠᠯᠲᠠᠢ ᠨᠤᠲᠤᠭ ᠲᠤ ᠣᠴᠢᠶ᠎ᠠ ᠯᠠ ᠳ᠋ᠠ᠃
ᠮᠣᠶᠢᠯ ᠲᠠᠢ ᠮᠣᠳᠣᠨ ᠤ ᠳᠡᠷᠭᠡᠳᠡ
ᠮᠣᠩᠭᠣᠯ ᠬᠤᠯᠠ ᠪᠠᠶᠢᠭᠤᠵᠠᠢ
ᠮᠣᠳᠣᠨ ᠣᠷᠣᠨ ᠤ ᠮᠢᠨᠢ ᠳᠡᠭᠡᠷ᠎ᠡ
ᠮᠣᠩᠭᠤᠰᠢ ᠶᠢᠨ ᠬᠥᠦ ᠬᠡᠪᠲᠡᠭᠦᠵᠡᠢ᠃
ᠡᠷᠯᠢᠭ ᠦᠨ ᠬᠠᠭᠠᠨ ᠠᠴᠠ ᠡᠯᠴᠢ ᠢᠷᠡᠪᠡᠯ
ᠡᠷ᠎ᠡ ᠭᠠᠭᠴᠠᠭᠠᠷ ᠢᠶᠠᠨ ᠣᠴᠢᠨ᠎ᠠ ᠳ᠋ᠠ ᠪᠢ
ᠡᠵᠡᠨ ᠬᠠᠭᠠᠨ ᠠᠴᠠ ᠡᠯᠴᠢ ᠢᠷᠡᠪᠡᠯ
ᠢᠵᠢᠯ ᠨᠥᠬᠦᠳ ᠲᠡᠢ ᠪᠠᠨ ᠣᠴᠢᠨ᠎ᠠ ᠳ᠋ᠠ ᠪᠢ ᠁》 ᠭᠡᠳᠡᠭ ᠳᠠᠭᠤᠤ ᠭᠠᠷᠴᠤ ᠪᠠᠶᠢᠵᠠᠢ᠃ ᠵᠢᠷᠠᠨ ᠪᠠᠭᠠᠲᠤᠷ ᠡ ᠭᠡᠵᠦ᠃ ᠡᠶᠢᠮᠦ ᠯᠠ ᠥᠷᠥ ᠡᠪᠡᠳᠦᠮᠡᠷ ᠲᠡᠦᠬᠡ ᠲᠡᠢ ᠶᠤᠮ ᠪᠠᠶᠢᠨ᠎ᠠ᠃
ᠲᠡᠮᠳᠡᠭᠯᠡᠭᠰᠡᠨ ᠪ ∙ ᠣᠶᠢᠳᠣᠪ
ᠬᠥᠷᠪᠡᠭᠦᠯᠦᠭᠰᠡᠨ ᠲᠦᠮᠡᠲᠦ ᠰᠢᠨ᠎ᠡ
16 0