ᠰᠢᠭᠦᠮᠵᠢ
ᠰᠢᠭᠦᠮᠵᠢᠯᠡᠭᠴᠢ ᠨᠠᠷ ᠤᠨ ᠲᠤᠬᠠᠢ
ᠬᠥᠬᠡ ᠲᠣᠯᠪᠤᠲᠤ ᠳ᠋ ᠊ ᠲᠡᠮᠦᠷᠸᠴᠢᠷ : ᠰᠢᠭᠦᠮᠵᠢᠯᠡᠭᠴᠢ ᠨᠠᠷ ᠤᠨ ᠲᠤᠬᠠᠢ
5152
2019-01-04 20:04
发表于:内蒙古
ᠰᠢᠭᠦᠮᠵᠢᠯᠡᠭᠴᠢ ᠨᠠᠷ ᠤᠨ ᠲᠤᠬᠠᠢ
ᠬᠠᠮᠤᠭ ᠤᠨ ᠲᠦᠷᠦᠭᠦᠨ ᠳᠦ ᠤᠳᠬ᠎ᠠ ᠵᠣᠬᠢᠶᠠᠯ ᠰᠤᠳᠤᠯᠤᠭᠠᠴᠢ᠂ ᠰᠢᠭᠦᠮᠵᠢᠯᠡᠭᠴᠢ ᠭ ∙ ᠪᠠᠲᠤᠰᠠᠭᠤᠷᠢ ᠶᠢᠨ ᠰᠢᠭᠦᠮᠵᠢ ᠶᠢ ᠠᠯᠭᠠᠰᠠᠯ ᠦᠭᠡᠢ ᠤᠩᠰᠢᠬᠤ ᠳᠤᠷ᠎ᠠ ᠲᠠᠢ ᠪᠠᠨ ᠬᠡᠯᠡᠶ᠎ᠡ᠃ ᠪᠠᠲᠤᠰᠠᠭᠤᠷᠢ ᠶᠢᠨ ᠣᠨᠴᠠᠯᠢᠭ ᠨᠢ ᠲᠤᠬᠠᠢ ᠶᠢᠨ ᠰᠢᠭᠦᠮᠵᠢ ᠳᠦ ᠪᠡᠨ ᠲᠠᠭᠠᠷᠠᠭᠤᠯᠵᠤ ᠳᠣᠨᠵᠢ ᠮᠠᠶ᠋ᠢᠭ ᠢ ᠨᠢ ᠣᠯᠬᠤ ᠳᠤ ᠪᠠᠨ ᠭᠠᠷᠮᠠᠭᠠᠢ᠃ ᠡᠮᠣᠼᠢ ᠲᠠᠢ ᠪᠢᠴᠢᠨ᠎ᠡ᠃ ᠰᠢᠭᠦᠬᠦ ᠳᠦ ᠳᠠᠭᠤᠳᠠᠭᠳᠠᠭᠰᠠᠨ᠂ ᠲᠡᠷᠡ ᠪᠠᠶᠢᠲᠤᠭᠠᠢ ᠢᠯᠠ ᠰᠤᠨᠤᠰᠬᠤ ᠳᠥᠬᠦᠭᠰᠡᠨ ᠭᠡᠳᠡᠭ ᠢᠶᠡᠷ ᠢᠶᠡᠨ ᠡᠨᠡ ᠦᠶ᠎ᠡ ᠳᠦ ᠯᠠ ᠭᠣᠴᠣ ᠰᠣᠨᠢᠨ ᠦᠵᠡᠭᠳᠡᠯ ᠪᠣᠯᠤᠭᠰᠠᠨ ᠰᠢᠭᠦᠮᠵᠢᠯᠡᠭᠴᠢ᠃ ᠮᠠᠰ ᠤᠨ ᠤᠷᠠᠨ ᠵᠣᠬᠢᠶᠠᠯ ᠤᠨ ᠹᠠᠨᠠᠲ ᠤᠳ ᠬᠠᠶᠢᠷᠠᠲᠠᠢ ᠵᠣᠬᠢᠶᠠᠯᠴᠢ ᠨᠠᠷ ᠢ ᠨᠢ ᠰᠢᠭᠦᠮᠵᠢᠯᠡᠩᠭᠦᠲᠡ ᠭᠡᠨᠡᠳᠲᠡ ᠯᠠ ᠡᠶᠢᠮᠦ ᠲᠡᠶᠢᠷᠡᠩ ᠬᠠᠮᠢᠭ᠎ᠠ ᠠᠴᠠ ᠭᠠᠷᠤᠭᠠᠳ ᠢᠷᠡᠪᠡ ᠭᠡᠵᠦ ᠳᠣᠣᠷ᠎ᠠ ᠪᠦᠷᠢᠨ᠎ᠡ ᠱᠤᠤᠭᠢᠭᠰᠠᠨ᠃ ᠲᠡᠷᠡ ᠪᠤᠤ ᠬᠡᠯᠡ ᠶᠡᠬᠡᠳᠡ ᠲᠤᠯᠬᠤᠲᠠᠢ ᠢᠷᠠᠭᠤ ᠨᠠᠶᠢᠷᠠᠭᠴᠢ ᠮ ∙ ᠤᠶᠠᠨᠰᠦ᠋ᠬᠡ 《 ᠰᠠᠶᠢᠬᠠᠨ ᠣᠷᠳᠣᠨ ᠳᠣᠲᠣᠷ᠎ᠠ ᠪᠠᠲᠠᠭᠠᠨ᠎ᠠ ᠳᠤᠤᠭᠠᠷᠬᠤ ᠳᠤ ᠭᠤᠲᠤᠨ᠎ᠠ》 ᠴᠤ ᠭᠡᠮᠡᠭᠦ ᠰᠥᠷᠢᠰᠦᠨ ᠪᠠᠵᠠᠭ᠎ᠠ ᠬᠢᠵᠦ ᠪᠠᠶᠢᠭᠰᠠᠨ ᠢ ᠰᠠᠨᠠᠵᠤ ᠪᠠᠶᠢᠨ᠎ᠠ᠃ ᠣᠪᠣᠭ᠎ᠠ ᠲᠣᠮᠣ ᠴᠢᠯᠠᠭᠤ ᠬᠥᠳᠡᠯᠭᠡᠭᠰᠡᠨ ᠬᠡᠷᠡᠭ ᠰᠢᠦ᠃ 《ᠡᠮᠡᠭᠡ》ᠨᠠᠷ ᠤᠨ ᠤᠳᠬ᠎ᠠ ᠵᠣᠬᠢᠶᠠᠯ ᠳᠤ ᠬᠠᠷᠰᠢᠯ ᠲᠠᠢ᠃
ᠬ ∙ ᠴᠣᠶᠢᠳᠣᠭᠵᠠᠮᠰᠤ ᠭᠡᠵᠦ ᠮᠤᠨᠳᠠᠭ ᠰᠢᠭᠦᠮᠵᠢᠯᠡᠭᠴᠢ ᠪᠤᠢ᠃ ᠭᠣᠣᠯ ᠨᠢ ᠪᠠᠷᠢᠮᠲᠠ ᠨᠣᠲᠠᠯᠠᠭ᠎ᠠ ᠰᠠᠶᠢᠲᠠᠢ᠂ ᠭᠠᠷᠬᠤ ᠭᠠᠷᠤᠴᠠ ᠦᠭᠡᠢ ᠪᠣᠯᠲᠠᠯ᠎ᠠ ᠨᠣᠴᠠᠳᠠᠭ ᠵᠢᠩᠬᠢᠨᠢ 《ᠮᠣᠩᠭᠣᠯ ᠪᠠᠩᠬᠤᠷ》᠃ ᠰᠢᠭᠦᠮᠵᠢ ᠪᠢᠴᠢᠨ᠎ᠡ ᠭᠡᠳᠡᠭ ᠮᠡᠳᠡᠯᠭᠡ᠂ ᠮᠡᠳᠡᠭᠡᠯᠡᠯ ᠡᠴᠡ ᠭᠠᠳᠠᠨ᠎ᠠ ᠮᠡᠳᠡᠷᠡᠮᠵᠢ᠂ ᠠᠨᠠᠯᠢᠽᠢ ᠶᠤᠮ ᠰᠢᠦ ᠳ᠋ᠡ ᠭᠡᠳᠡᠭ ᠢ ᠤᠳᠬ᠎ᠠ ᠪᠠᠷ ᠨᠢ ᠬᠠᠷᠠᠭᠤᠯᠵᠤ ᠪᠤᠢ ᠵᠠᠯᠠᠭᠤ᠃ ᠰᠢᠭᠦᠮᠵᠢᠯᠡᠭᠴᠢ ᠬᠦᠮᠦᠨ ᠦ ᠬᠠᠮᠤᠭ ᠤᠨ ᠭᠣᠣᠯ ᠰᠢᠯᠭᠠᠭᠤᠷ ᠪᠣᠯᠬᠤ 《ᠰᠢᠳᠤᠷᠭᠤ》 ᠪᠠᠶᠢᠬᠤ ᠭᠡᠰᠡᠨ ᠡᠨᠡ ᠮᠥᠷᠳᠡᠯᠭᠡ ᠪᠣᠯ ᠲᠡᠭᠦᠨ ᠳᠦ ᠬᠠᠩᠭᠠᠯᠲᠠ ᠲᠠᠢ᠃ ᠪᠤᠷᠬᠠᠨ ᠳᠤ ᠦᠨᠦᠰᠦᠭᠦᠯᠦᠭᠰᠡᠨ ᠬᠦᠦ ᠭᠡᠳ ᠪᠤᠢ ᠳ ∙ ᠨᠢᠮᠠᠳᠣᠷᠵᠢ ᠬᠡᠮᠡᠬᠦ ᠢᠷᠠᠭᠤ ᠨᠠᠶᠢᠷᠠᠭᠴᠢ ᠶᠢᠨ ᠰᠢᠯᠦᠭ ᠦᠨ ᠨᠣᠮ ᠳᠤ ᠰᠢᠭᠦᠮᠵᠢ ᠪᠢᠴᠢᠭᠰᠡᠨ ᠢ ᠤᠩᠰᠢᠭᠠᠳ ᠪᠠᠬᠠᠷᠬᠠᠭᠰᠠᠨ᠃ ᠪᠦᠭᠦᠳᠡ ᠯᠠ ᠮᠠᠭᠲᠠᠭᠠᠯ ᠤᠨ ᠴᠠᠭᠠᠰᠤᠨ ᠮᠠᠯᠠᠭᠠᠢ ᠡᠮᠦᠰᠬᠡᠵᠦ ᠪᠠᠶᠢᠬᠤ ᠳᠤ 《ᠠᠪᠢᠶᠠᠰ ᠵᠠᠯᠢ ᠬᠣᠶᠠᠷ ᠨᠢᠭᠡ ᠳᠣᠣᠷ᠎ᠠ ᠪᠠᠭᠲᠠᠬᠤ ᠦᠭᠡᠢ 》 ᠭᠡᠵᠦ ᠵᠣᠷᠢᠭᠲᠠᠢ ᠳᠤᠤᠭᠠᠷᠤᠭᠰᠠᠨ ᠰᠢᠭᠦᠮᠵᠢᠯᠡᠭᠴᠢ ᠰᠢᠦ᠃ ᠦᠨᠡᠬᠡᠷ ᠵᠠᠯᠢ ᠪᠠᠶᠢᠭᠰᠠᠨ ᠭᠡᠳᠡᠭ ᠢ ᠨᠣᠲᠠᠯᠠᠵᠤ ᠴᠢᠳᠠᠭᠰᠠᠨ᠃
ᠠᠺᠣ ᠺᠧᠨ᠋ᠽᠣ ᠪᠤᠶᠤ ᠠᠯᠲᠠᠨᠬᠤᠶᠠᠭ ᠭᠡᠵᠦ ᠢᠷᠠᠭᠤ ᠨᠠᠶᠢᠷᠠᠭᠴᠢ ᠵᠠᠯᠠᠭᠤ ᠪᠠᠶᠢᠨ᠎ᠠ᠃ ᠭᠣᠣᠯ ᠨᠢ ᠤᠳᠬ᠎ᠠ ᠵᠣᠬᠢᠶᠠᠯ ᠤᠨ ᠠᠺᠠᠳᠧᠮᠢᠺ ᠪᠣᠯᠪᠠᠰᠤᠷᠠᠯ ᠲᠠᠢ᠂ ᠠᠪᠢᠶᠠᠰ ᠲᠠᠢ ᠤᠴᠢᠷ ᠠᠴᠠ ᠤᠷᠠᠨ ᠵᠣᠬᠢᠶᠠᠯ ᠤᠨ ᠴᠠᠭᠠᠳᠤ ᠮᠥᠨ ᠴᠢᠨᠠᠷ ᠢ ᠨᠡᠭᠡᠭᠡᠨ ᠬᠠᠷᠠᠭᠤᠯᠬᠤ ᠳᠤ ᠪᠠᠨ ᠭᠣᠴᠣ᠃ ᠳᠡᠯᠡᠬᠡᠢ ᠶᠢᠨ ᠰᠣᠩᠭᠣᠳᠠᠭ ᠤᠳ ᠤᠨ ᠬᠦᠨᠳᠦ ᠬᠡᠴᠡᠭᠦᠦ ᠲᠠᠭᠠᠪᠤᠷᠢ ᠶᠢ ᠲᠠᠶᠢᠯᠵᠤ᠂ ᠲᠠᠶᠢᠯᠪᠤᠷᠢᠯᠠᠵᠤ ᠪᠠᠶᠢᠭ᠎ᠠ ᠬᠦᠮᠦᠨ ᠦ ᠨᠢᠭᠡ᠃ ᠣᠷᠴᠢᠨ ᠴᠠᠭ ᠤᠨ ᠤᠳᠬ᠎ᠠ ᠵᠣᠬᠢᠶᠠᠯ ᠤᠨ ᠰᠢᠭᠦᠮᠵᠢ ᠣᠨᠣᠯ ᠨᠣᠮ ᠭᠡᠬᠦ ᠡᠴᠡ ᠪᠡᠨ ᠢᠯᠡᠭᠦᠦ ᠮᠡᠳᠡᠯᠭᠡ᠂ ᠮᠡᠳᠡᠷᠡᠮᠵᠢᠨ ᠳᠤ ᠲᠤᠯᠭᠠᠭᠤᠷᠢᠯᠠᠵᠤ ᠪᠤᠢ ᠭᠡᠳᠡᠭ ᠢ ᠣᠶᠢᠯᠠᠭᠠᠭᠤᠯᠵᠤ ᠪᠤᠢ ᠵᠠᠯᠠᠭᠤ᠃
ᠭᠠᠷᠴᠠᠭ᠎ᠠ ᠦᠭᠡᠢ ᠫ ∙ ᠪᠠᠲᠤᠬᠤᠶᠠᠭ ᠭᠡᠵᠦ ᠵᠣᠬᠢᠶᠠᠯᠴᠢ ᠪᠠᠶᠢᠨ᠎ᠠ᠃ ᠪᠢ ᠵᠣᠬᠢᠶᠠᠯ ᠤᠳ ᠢ ᠨᠢ ᠤᠩᠰᠢᠵᠤ ᠦᠵᠡᠭᠡ ᠦᠭᠡᠢ᠃ ᠭᠡᠬᠦ ᠳᠦ ᠪᠡᠨ ᠰᠢᠭᠦᠮᠵᠢ ᠡᠴᠡ ᠨᠢ ᠬᠠᠷᠠᠵᠤ ᠪᠠᠶᠢᠬᠤ ᠳᠤ ᠮᠠᠰᠢ ᠭᠦᠨ ᠭᠦᠨᠵᠡᠭᠡᠢ ᠶᠠᠷᠭᠠᠵᠤ ᠣᠷᠣᠳᠠᠭ᠂ ᠬᠦᠮᠦᠨ ᠪᠤᠴᠠᠭᠠᠵᠤ ᠨᠢᠴᠤᠭᠠᠬᠤ ᠠᠷᠭ᠎ᠠ ᠦᠭᠡᠢ ᠲᠠᠶᠢᠯᠪᠤᠷᠢ ᠬᠢᠳᠡᠭ ᠰᠢᠭᠦᠮᠵᠢᠯᠡᠭᠴᠢ᠃ ᠦᠨᠳᠦᠰᠦᠯᠡᠯ᠂ ᠨᠣᠲᠠᠯᠠᠭ᠎ᠠ ᠰᠠᠶᠢᠲᠠᠢ ᠲᠡᠭᠦᠨ ᠦ ᠰᠢᠭᠦᠮᠵᠢ ᠶᠢ ᠡᠰᠡᠷᠭᠦᠴᠡᠬᠦ ᠪᠣᠯᠤᠮᠵᠢ ᠦᠭᠡᠢ᠃ 2×2=4 ᠭᠡᠳᠡᠭ ᠰᠢᠭ ᠲᠣᠪ ᠲᠣᠳᠣᠷᠬᠠᠢ ᠶᠠᠭᠤᠮ᠎ᠠ ᠲᠠᠢ ᠬᠡᠨ ᠮᠠᠷᠭᠤᠬᠤ ᠪᠢᠯᠡ᠃
ᠶᠠ᠊ ∙ ᠪᠠᠶᠠᠷ ᠭᠡᠵᠦ ᠢᠷᠠᠭᠤ ᠨᠠᠶᠢᠷᠠᠭᠴᠢ ᠪᠤᠢ᠃ ᠳ ∙ ᠤᠷᠢᠶᠠᠩᠬᠠᠢ ᠶᠢᠨ ᠭᠤᠸᠠᠢ ᠶᠢᠨ ᠵᠣᠬᠢᠶᠠᠯ ᠪᠦᠲᠦᠭᠡᠯ ᠦᠨ ᠣᠨᠴᠠᠯᠢᠭ ᠪᠣᠯᠤᠠ ᠠᠮᠢᠳᠤᠷᠠᠯ ᠢ ᠦᠵᠡᠬᠦ ᠹᠢᠯᠣᠰᠣᠹᠢ ᠶᠢ ᠬᠥᠨᠳᠡᠭᠰᠡᠨ ᠰᠢᠭᠦᠮᠵᠢ ᠨᠢ ᠦᠨᠡᠨ ᠶᠠᠩᠵᠤᠲᠠᠢ ᠪᠣᠯᠤᠭᠰᠠᠨ᠃ ᠣᠷᠴᠢᠨ ᠴᠠᠭ ᠤᠨ ᠮᠣᠩᠭᠣᠯ ᠺᠢᠨᠣᠨ ᠤ ᠲᠤᠬᠠᠢ ᠰᠢᠭᠦᠮᠵᠢ ᠨᠢ ᠮᠠᠰᠢ ᠭᠣᠶᠣ᠃ ᠶᠡᠷᠦ ᠨᠢ ᠨᠤᠬᠤᠴᠠᠲᠠᠢ᠂ ᠤᠷ᠎ᠠ ᠴᠢᠳᠠᠪᠤᠷᠢ ᠥᠨᠳᠥᠷ ᠰᠢᠭᠦᠮᠵᠢ ᠪᠢᠴᠢᠭᠴᠢ ᠰᠠᠨᠠᠭᠳᠠᠭᠰᠠᠨ᠃ ᠬᠠᠷᠠᠬᠤ ᠥᠨᠴᠥᠭ ᠭᠡᠵᠦ ᠨᠢᠭᠡ ᠶᠠᠭᠤᠮ᠎ᠠ ᠪᠠᠢᠨ᠎ᠠ ᠡ᠃
ᠤᠳᠬ᠎ᠠ ᠵᠣᠬᠢᠶᠠᠯ ᠤᠨ ᠰᠢᠭᠦᠮᠵᠢ ᠭᠡᠬᠦ 《ᠬᠠᠳᠠᠨ ᠤ ᠮᠠᠩᠭ᠎ᠠ》 ᠍ ᠢ ᠠᠷᠠᠢ ᠥᠭᠡᠷ᠎ᠡ ᠵᠦᠭ ᠲᠦ ᠴᠢᠭᠯᠡᠭᠦᠯᠦᠭᠰᠡᠨ ᠤ᠊ ∙ ᠪᠢᠮᠪᠠᠨᠢᠮᠠ ᠭᠡᠵᠦ ᠰᠤᠳᠤᠯᠤᠭᠠᠴᠢ ᠵᠠᠯᠠᠭᠤ ᠪᠤᠢ᠃ ᠰᠢᠭᠦᠮᠵᠢ ᠡᠰᠰᠡ ᠭᠡᠬᠦ ᠰᠢᠨ᠎ᠡ ᠲᠥᠷᠥᠯ ᠳᠦ ᠠᠪᠢᠶᠠᠰ ᠢᠶᠠᠨ ᠰᠣᠷᠢᠵᠤ ᠪᠤᠢ ᠡᠨᠡ ᠵᠠᠯᠠᠭᠤ 《ᠴᠠᠭ ᠬᠤᠭᠤᠴᠠᠭ᠎ᠠ ᠬᠡᠯᠡᠨ᠎ᠡ》 ᠨᠣᠮ ᠢᠶᠠᠷ ᠢᠶᠠᠨ ᠴᠠᠬᠢᠭᠤᠷ ᠬᠠᠭᠠᠯᠤᠭᠰᠠᠨ᠃
5 0