ᠫ ∙ ᠨᠠᠷᠠᠨᠪᠠᠶᠠᠷ᠄ ᠮᠠᠩᠯᠠᠶᠢᠯᠠᠯ ᠮᠡᠨᠳᠦᠯᠡᠬᠦ᠂ ᠬᠦᠨᠳᠦᠯᠡᠬᠦ ᠶᠣᠰᠣᠨ ᠠᠴᠠ ᠡᠬᠢᠯᠡᠳᠡᠭ
ᠫ ∙ ᠨᠠᠷᠠᠨᠪᠠᠶᠠᠷ᠄ ᠮᠠᠩᠯᠠᠶᠢᠯᠠᠯ ᠮᠡᠨᠳᠦᠯᠡᠬᠦ᠂ ᠬᠦᠨᠳᠦᠯᠡᠬᠦ ᠶᠣᠰᠣᠨ ᠠᠴᠠ ᠡᠬᠢᠯᠡᠳᠡᠭ
9002
2018-10-21 10:12
发表于:内蒙古
ᠫ ∙ ᠨᠠᠷᠠᠨᠪᠠᠶᠠᠷ᠄ ᠮᠠᠩᠯᠠᠶᠢᠯᠠᠯ ᠮᠡᠨᠳᠦᠯᠡᠬᠦ᠂ ᠬᠦᠨᠳᠦᠯᠡᠬᠦ ᠶᠣᠰᠣᠨ ᠠᠴᠠ ᠡᠬᠢᠯᠡᠳᠡᠭ
ᠪᠠᠭᠰᠢ ᠬᠦᠮᠦᠨ ᠦ ᠬᠥᠳᠡᠯᠮᠦᠷᠢ ᠶᠢᠨ ᠦᠨᠡᠯᠡᠮᠵᠢ ᠶᠢ ᠨᠡᠮᠡᠬᠦ ᠬᠡᠷᠡᠭᠲᠡᠢ
ᠣᠯᠠᠨ ᠤᠯᠤᠰ ᠤᠨ ᠪᠠᠭᠰᠢ ᠨᠠᠷ ᠤᠨ ᠪᠠᠶᠠᠷ ᠢ ᠲᠣᠬᠢᠶᠠᠯᠳᠤᠭᠤᠯᠤᠨ 《ᠰᠢᠨ᠎ᠡ ᠮᠣᠩᠭᠣᠯ》 ᠰᠤᠷᠭᠠᠭᠤᠯᠢ ᠶᠢᠨ ᠵᠠᠬᠢᠷᠤᠯ ᠫ ∙ ᠨᠠᠷᠠᠨᠪᠠᠶᠠᠷ ᠢ 《ᠵᠣᠴᠢᠨ》 ᠪᠤᠯᠤᠩ ᠳ᠋ᠠᠭᠠᠨ ᠤᠷᠢᠯ᠎ᠠ᠃ ᠪᠣᠯᠵᠣᠭᠰᠠᠨ ᠶᠣᠰᠣᠭᠠᠷ 09.00 ᠴᠠᠭ ᠲᠤ ᠠᠯᠪᠠᠨ ᠲᠠᠰᠤᠯᠭᠠᠨ ᠳᠤ ᠨᠢ ᠣᠴᠢᠲᠠᠯ᠎ᠠ ᠪᠣᠯᠪᠠᠰᠤᠷᠠᠯ ᠤᠨ ᠰᠠᠯᠪᠤᠷᠢ ᠶᠢᠨ ᠬᠠᠯᠠᠭᠤᠨ ᠰᠡᠳᠦᠪ ᠢᠶᠡᠷ ᠪᠢᠳᠡᠨ ᠦ ᠶᠠᠷᠢᠶ᠎ᠠ ᠡᠬᠢᠯᠡᠭᠰᠡᠨ ᠶᠤᠮ᠃ ᠲᠡᠷᠡ ᠪᠡᠷ ᠴᠣᠩᠬᠣᠨ ᠤ ᠴᠠᠭᠠᠨ᠎ᠠ ᠠᠴᠠ ᠭᠢᠯᠪᠠᠬᠤ ᠨᠠᠷᠠᠨ ᠤ ᠬᠤᠷᠴᠠ ᠲᠤᠶᠠᠭ᠎ᠠ ᠶᠢ ᠬᠠᠯᠬᠠᠯᠠᠬᠤ ᠪᠠᠷ ᠬᠥᠰᠢᠭᠡ ᠪᠠᠨ ᠲᠣᠬᠢᠷᠠᠭᠤᠯᠤᠩᠭᠠᠨ 《ᠪᠠᠭᠰᠢ ᠨᠠᠷ ᠤᠨ ᠠᠵᠢᠯ ᠬᠠᠶᠠᠯᠲᠠ ᠶᠠᠭᠤ ᠪᠣᠯᠵᠤ ᠪᠠᠶᠢᠨ᠎ᠠ》 ᠬᠡᠮᠡᠪᠡ᠃ 《ᠰᠠᠨᠠᠭᠤᠯᠬᠤ ᠠᠵᠢᠯ ᠬᠠᠶᠠᠯᠲᠠ ᠵᠣᠬᠢᠶᠠᠨ ᠪᠠᠶᠢᠭᠤᠯᠤᠨ᠎ᠠ ᠭᠡᠰᠡᠨ》 ᠭᠡᠬᠦ ᠳᠦ 《ᠬᠣᠬᠢᠷᠠᠵᠤ ᠦᠯᠡᠳᠡᠬᠦ ᠨᠢ ᠰᠤᠷᠤᠭᠴᠢᠳ ᠯᠠ ᠶᠤᠮ ᠳ᠋ᠠ》 ᠬᠡᠮᠡᠭᠡᠳ ᠪᠢᠳᠡᠨ ᠢ ᠰᠢᠷᠡᠭᠡᠨ ᠳᠦ ᠤᠷᠢᠪᠠ᠃ ᠪᠠᠭᠰᠢ ᠨᠠᠷ ᠤᠨ ᠠᠵᠢᠯ ᠬᠠᠶᠠᠯᠲᠠ ᠶᠢ ᠬᠢᠷᠢ ᠵᠡᠷᠭᠡ ᠳᠡᠮᠵᠢᠵᠦ ᠪᠠᠶᠢᠭ᠎ᠠ ᠶᠢ ᠨᠢ ᠰᠣᠨᠢᠷᠬᠠᠬᠤ ᠳᠤ 《ᠵᠠᠷᠴᠢᠮ ᠤᠨ ᠬᠤᠪᠢ ᠳᠤ ᠪᠠᠭᠰᠢ ᠬᠦᠮᠦᠨ ᠦ ᠬᠥᠳᠡᠯᠮᠦᠷᠢ ᠶᠢᠨ ᠦᠨᠡᠯᠡᠮᠵᠢ ᠶᠢ ᠨᠡᠮᠡᠭᠳᠡᠭᠦᠯᠬᠦ ᠨᠢ ᠵᠥᠪ ᠰᠢᠦ ᠳ᠋ᠡ᠃ ᠬᠠᠷᠠᠮᠰᠠᠯᠲᠠᠢ ᠨᠢ᠂ ᠤᠯᠤᠰ ᠣᠷᠣᠨ ᠤ ᠰᠠᠩᠬᠦᠦ ᠶᠢᠨ ᠴᠢᠳᠠᠪᠬᠢ ᠰᠠᠶᠢᠨ ᠦᠭᠡᠢ ᠪᠠᠶᠢᠨ᠎ᠠ᠃ ᠪᠠᠭᠰᠢ ᠨᠠᠷ ᠮᠠᠨᠢ ᠲᠥᠰᠥᠪ ᠡᠴᠡ ᠰᠠᠩᠬᠦᠵᠢᠳᠡᠭ ᠦᠨ ᠬᠤᠪᠢ ᠳᠤ ᠡᠨᠡ ᠨᠥᠭᠡᠴᠡ ᠪᠣᠯᠤᠯᠴᠠᠭᠠᠨ ᠳᠤ ᠨᠢ ᠲᠠᠭᠠᠷᠠᠭᠤᠯᠵᠤ ᠱᠠᠭᠠᠷᠳᠠᠯᠭ᠎ᠠ ᠲᠠᠯᠪᠢᠬᠤ ᠨᠢ ᠵᠥᠪ ᠪᠠᠶᠢᠭᠰᠠᠨ ᠪᠣᠯᠪᠠ ᠤᠤ》 ᠭᠡᠯᠡ᠃
ᠬᠡᠦᠬᠡᠳ ᠦᠨ ᠥᠪ ᠲᠡᠭᠰᠢ ᠪᠣᠯᠪᠠᠰᠤᠷᠠᠯ ᠭᠡᠵᠦ ᠶᠠᠭᠤ ᠶᠢ ᠬᠡᠯᠡᠭᠡᠳ ᠪᠠᠶᠢᠨ᠎ᠠ ᠪᠤᠢ︖
-ᠪᠣᠯᠪᠠᠰᠤᠷᠠᠯ ᠪᠣᠯ ᠬᠦᠮᠦᠨ ᠦ ᠣᠶᠤᠨ ᠤᠬᠠᠭᠠᠨ᠂ ᠵᠢᠷᠦᠬᠡ ᠰᠡᠳᠬᠢᠯ᠂ ᠪᠡᠶ᠎ᠡ ᠪᠢᠯᠳᠠᠷ ᠤᠨ ᠰᠢᠲᠦᠯᠴᠡᠭᠡᠨ ᠳᠦ ᠣᠷᠣᠰᠢᠳᠠᠭ᠃ ᠣᠶᠤᠨ ᠤᠬᠠᠭᠠᠨ ᠲᠠᠯ᠎ᠠ ᠠᠴᠠ ᠨᠢ ᠬᠥᠭᠵᠢᠭᠦᠯᠪᠡᠯ ᠮᠡᠳᠡᠯᠭᠡ ᠳᠠᠪᠠᠮᠠᠭᠠᠶᠢᠯᠠᠨ᠎ᠠ᠃ ᠮᠠᠰᠢ ᠲᠣᠮᠣ ᠲᠣᠯᠣᠭᠠᠢ ᠲᠠᠢ ᠴᠤ ᠵᠢᠵᠢᠭᠬᠡᠨ ᠪᠡᠶ᠎ᠡ ᠲᠡᠢ᠂ ᠪᠢᠴᠢᠬᠠᠨ ᠵᠢᠷᠦᠬᠡ ᠲᠡᠢ ᠪᠠᠶᠢᠪᠠᠯ ᠬᠡᠦᠬᠡᠳ ᠠᠮᠢᠳᠤᠷᠠᠵᠤ ᠴᠢᠳᠠᠬᠤ ᠦᠭᠡᠢ᠃ ᠬᠠᠷᠢᠨ ᠵᠢᠷᠦᠬᠡ ᠰᠡᠳᠬᠢᠯ ᠢ ᠨᠢ ᠰᠠᠶᠢᠬᠠᠨ ᠪᠣᠯᠭᠠᠶ᠎ᠠ ᠭᠡᠳ ᠯᠠ ᠬᠥᠭᠵᠢᠭᠦᠯᠦᠭᠡᠳ ᠪᠠᠶᠢᠪᠠᠯ ᠵᠢᠵᠢᠭᠬᠡᠨ ᠲᠣᠯᠣᠭᠠᠢ ᠲᠠᠢ ᠬᠦᠮᠦᠨ ᠳᠡᠯᠡᠬᠡᠢ ᠲᠡᠢ ᠨᠡᠶᠢᠯᠡᠵᠦ ᠠᠯᠬᠤᠬᠤ ᠳᠤ ᠬᠡᠴᠡᠭᠦᠦ᠃ ᠪᠡᠶ᠎ᠡ ᠪᠢᠯᠳᠠᠷ ᠢ ᠨᠢ ᠬᠦᠴᠦᠲᠡᠢ ᠪᠣᠯᠭᠠᠶ᠎ᠠ ᠭᠡᠪᠡᠯ ᠪᠠᠰᠠ ᠥᠷᠥᠭᠡᠰᠦᠭᠡᠯ᠃ ᠲᠡᠶᠢᠮᠦ ᠡᠴᠡ ᠡᠨᠡ ᠭᠤᠷᠪᠠ ᠶᠢᠨ ᠰᠢᠲᠦᠯᠴᠡᠭᠡ ᠪᠣᠯ ᠪᠣᠯᠪᠠᠰᠤᠷᠠᠯ ᠶᠤᠮ ᠭᠡᠰᠡᠨ ᠦᠵᠡᠯ ᠰᠠᠨᠠᠭ᠎ᠠ ᠶᠢ ᠪᠢᠳᠡ ᠬᠡᠷᠡᠭᠵᠢᠭᠦᠯᠳᠡᠭ᠃ ᠡᠭᠦᠨ ᠡᠴᠡ ᠭᠠᠳᠠᠨ᠎ᠠ ᠮᠠᠨ ᠤ ᠰᠤᠷᠭᠠᠭᠤᠯᠢ ᠲᠡᠭᠦᠰᠦᠭᠴᠢᠳ ᠲᠡᠢ ᠪᠡᠨ ᠪᠠᠶᠢᠩᠭᠤ ᠬᠠᠷᠢᠯᠴᠠᠭ᠎ᠠ ᠲᠠᠢ ᠪᠠᠶᠢᠳᠠᠭ ᠨᠢ ᠨᠢᠳᠦᠨ ᠳᠦ ᠦᠯᠦ ᠦᠵᠡᠭᠳᠡᠬᠦ ᠪᠠᠶᠠᠯᠢᠭ ᠪᠤᠢ ᠪᠣᠯᠭᠠᠳᠠᠭ᠃
- ᠲᠠ ᠮᠣᠩᠭᠣᠯ ᠤᠯᠤᠰ ᠤᠨ ᠰᠢᠨ᠎ᠡ ᠢᠷᠭᠡᠳ ᠶᠠᠮᠠᠷ ᠪᠠᠶᠢᠭᠠᠰᠠᠢ ᠭᠡᠵᠦ ᠬᠦᠰᠡᠳᠡᠭ ᠪᠤᠢ︖
-ᠰᠠᠶᠢᠬᠠᠨ ᠠᠰᠠᠭᠤᠯᠲᠠ ᠪᠠᠶᠢᠨ᠎ᠠ᠃ ᠠᠵᠠ ᠵᠢᠷᠭᠠᠯ ᠢ ᠡᠷᠬᠢᠮᠯᠡᠳᠡᠭ ᠪᠠᠶᠢᠭᠠᠰᠠᠢ᠃ ᠪᠤᠰᠤᠳ ᠲᠤ ᠲᠤᠰᠠᠯᠠᠬᠤ᠂ ᠲᠠᠯᠠᠷᠬᠠᠬᠤ ᠰᠡᠳᠬᠢᠯ ᠡᠴᠡ ᠠᠵᠠ ᠵᠢᠷᠭᠠᠯ ᠪᠤᠢ ᠪᠣᠯᠳᠠᠭ ᠭᠡᠳᠡᠭ ᠢ ᠰᠠᠶᠢᠨ ᠤᠶᠢᠯᠠᠭᠠᠬᠤ ᠶᠣᠰᠣᠲᠠᠢ᠃ ᠮᠣᠩᠭᠣᠯᠴᠤᠳ ᠪᠤᠰᠤᠳ ᠲᠤ ᠲᠤᠰᠠᠯᠠᠬᠤ᠂ ᠲᠠᠯᠠᠷᠬᠠᠬᠤ ᠨᠡᠶᠢᠭᠡᠮ ᠤᠨ ᠶᠡᠬᠡ ᠺᠠᠫᠢᠲ᠋ᠠᠯ ᠲᠠᠢ ᠪᠠᠶᠢᠭᠰᠠᠨ ᠬᠦᠮᠦᠰ᠃ ᠭᠡᠪᠡᠴᠦ ᠣᠳᠣ ᠲᠠᠯᠠᠷᠬᠠᠵᠤ ᠴᠢᠳᠠᠬᠤ ᠪᠠᠨ ᠪᠣᠯᠢᠭᠰᠠᠨ ᠪᠠᠶᠢᠨ᠎ᠠ᠃ ᠬᠢᠵᠦ ᠪᠤᠢ ᠨᠢᠭᠡᠨ ᠳᠦ ᠪᠡᠨ ᠲᠤᠰᠯᠠᠬᠤ ᠦᠭᠡᠢ ᠠᠲᠠᠯ᠎ᠠ ᠪᠠᠨ ᠰᠢᠭᠦᠮᠵᠢᠯᠡᠬᠦ ᠨᠢ ᠶᠡᠬᠡ᠃ ᠡᠭᠦᠨ ᠦ ᠵᠡᠷᠭᠡᠴᠡᠭᠡ ᠬᠠᠷᠢᠭᠤᠴᠠᠯᠭ᠎ᠠ ᠲᠠᠢ᠂ ᠡᠷᠬᠡ ᠴᠢᠯᠦᠭᠡ ᠲᠡᠢ ᠪᠠᠶᠢᠬᠤ ᠬᠡᠷᠡᠭᠲᠡᠢ᠃
-《ᠰᠢᠨ᠎ᠡ ᠮᠣᠩᠭᠣᠯ》 ᠍ ᠤᠨ ᠲᠡᠭᠦᠰᠦᠭᠴᠢᠳ ᠮᠠᠩᠯᠠᠶᠢᠯᠠᠯ ᠰᠠᠶᠢᠲᠠᠢ ᠨᠢ ᠠᠯᠢ ᠴᠤ ᠰᠠᠯᠪᠤᠷᠢ ᠳᠤ ᠬᠠᠷᠠᠭᠳᠠᠳᠠᠭ᠃ ᠮᠠᠩᠯᠠᠶᠢᠯᠠᠭᠴᠢ ᠭᠡᠵᠦ ᠬᠡᠨ ᠪᠤᠢ︖
-ᠪᠦᠬᠦᠨ ᠢ ᠴᠢᠳᠠᠳᠠᠭ ᠬᠦᠮᠦᠨ ᠢ ᠮᠠᠩᠯᠠᠶᠢᠯᠠᠭᠴᠢ ᠭᠡᠳᠡᠭ ᠦᠭᠡᠢ᠃ ᠠᠩᠭᠯᠢ ᠪᠠᠷ ᠶᠠᠷᠢᠳᠠᠭ ᠬᠦᠮᠦᠨ ᠢ ᠮᠠᠩᠯᠠᠶᠢᠯᠠᠭᠴᠢ ᠭᠡᠵᠦ ᠪᠤᠷᠤᠭᠤ ᠣᠶᠢᠯᠠᠭᠠᠳᠠᠭ᠃ ᠤᠭ ᠨᠢ ᠠᠯᠢᠪᠠ ᠶᠢ ᠰᠠᠶᠢᠨ ᠲᠠᠯ᠎ᠠ ᠤᠷᠤᠭᠤ ᠨᠢ ᠥᠭᠡᠷᠡᠴᠢᠯᠡᠳᠡᠭ ᠨᠢᠭᠡᠨ ᠪᠠᠶᠢᠬᠤ ᠶᠣᠰᠣᠲᠠᠢ ᠭᠡᠵᠦ ᠣᠶᠢᠯᠠᠭᠠᠳᠠᠭ᠃ ᠣᠷᠴᠢᠨ ᠦᠶ᠎ᠡ ᠶᠢᠨ ᠪᠣᠯᠪᠠᠰᠤᠷᠠᠯ᠂ ᠭᠠᠳᠠᠭᠠᠳᠤ ᠬᠡᠯᠡᠨ ᠦ ᠮᠡᠳᠡᠯᠭᠡ ᠪᠣᠯ ᠮᠠᠩᠯᠠᠶᠢᠯᠠᠯ ᠤᠨ ᠥᠴᠥᠬᠡᠨ ᠬᠡᠰᠡᠭ᠃ ᠤᠯᠤᠰ ᠣᠷᠣᠨ ᠤ ᠤᠳᠤᠷᠢᠳᠤᠭᠴᠢᠳ ᠠᠩᠭᠯᠢ ᠬᠡᠯᠡᠲᠡᠢ ᠳᠦ ᠪᠡᠨ ᠲᠡᠷᠢᠭᠦᠨ ᠪᠣᠯᠤᠭᠰᠠᠨ ᠪᠠᠶᠢᠨ᠎ᠠ ᠤᠤ᠃ ᠦᠭᠡᠢ ᠰᠢᠦ ᠳ᠋ᠡ᠃ ᠬᠠᠷᠢᠨ ᠡᠬᠡ ᠬᠡᠯᠡ ᠪᠡᠨ ᠰᠠᠶᠢᠨ ᠮᠡᠳᠡᠳᠡᠭ᠂ ᠪᠠᠶᠢᠭᠠᠯᠢ ᠣᠷᠴᠢᠨ᠂ ᠰᠤᠶᠤᠯ ᠤᠯᠠᠮᠵᠢᠯᠠᠯ ᠳᠤ ᠪᠠᠨ ᠬᠠᠶᠢᠷᠠᠲᠠᠢ᠂ ᠬᠦᠮᠦᠰ ᠦᠨ ᠵᠢᠷᠭᠠᠯ ᠵᠣᠪᠠᠯᠠᠩ ᠢ ᠮᠡᠳᠡᠷᠡᠳᠡᠭ ᠬᠦᠮᠦᠰ ᠯᠠ ᠮᠠᠩᠯᠠᠶᠢᠯᠠᠭᠴᠢ ᠪᠣᠯᠬᠤ ᠶᠣᠰᠣᠲᠠᠢ᠃ ᠤᠷᠠᠨ ᠢᠯᠡᠳᠬᠡᠯ ᠦᠨ ᠳᠤᠭᠤᠶᠢᠯᠠᠩ᠂ ᠣᠢ ᠲᠣᠭᠲᠠᠭᠠᠯᠲᠠ ᠶᠢᠨ ᠬᠦᠨᠳᠦ ᠳᠠᠰᠬᠠᠯ ᠤᠳ ᠢᠶᠠᠷ ᠮᠠᠩᠯᠠᠶᠢᠯᠠᠭᠴᠢ ᠪᠡᠯᠡᠳᠦᠨ᠎ᠡ ᠭᠡᠵᠦ ᠪᠠᠶᠢᠬᠤ ᠦᠭᠡᠢ᠃ ᠬᠠᠷᠢᠨ ᠬᠦᠮᠦᠨ ᠢ ᠰᠤᠨᠤᠰᠬᠤ᠂ ᠮᠡᠨᠳᠦᠯᠡᠵᠦ ᠬᠦᠨᠳᠦᠯᠡᠬᠦ ᠶᠣᠰᠣᠨ ᠠᠴᠠ ᠮᠠᠩᠯᠠᠶᠢᠯᠠᠯ ᠡᠬᠢᠯᠡᠳᠡᠭ᠃
-ᠬᠠᠷᠠᠮᠰᠠᠯᠲᠠᠢ ᠨᠢ ᠡᠬᠡ ᠬᠡᠯᠡ᠂ ᠰᠤᠶᠤᠯ ᠤᠯᠠᠮᠵᠢᠯᠠᠯ ᠢᠶᠠᠨ ᠳᠡᠭᠡᠳᠦᠯᠡᠬᠦ᠂ ᠪᠡᠶ᠎ᠡ ᠳᠠᠭᠠᠭᠠᠬᠤ ᠴᠢᠳᠠᠪᠤᠷᠢ ᠨᠢ ᠴᠢᠮᠠᠯᠠᠯᠲᠠᠲᠠᠢ ᠰᠠᠨᠠᠭᠳᠠᠵᠤ ᠪᠠᠶᠢᠭ᠎ᠠ ᠶᠢ ᠢᠯᠡᠳᠭᠡᠬᠦ ᠵᠢᠱᠢᠶ᠎ᠡ ᠣᠯᠠᠨ ᠪᠣᠯᠤᠭᠰᠠᠨ ᠶᠤᠮ ᠰᠢᠭ ᠪᠠᠶᠢᠨ᠎ᠠ︖
-ᠣᠷᠴᠢᠨ ᠦᠶ᠎ᠡ ᠶᠢᠨ ᠬᠡᠦᠬᠡᠳ ᠦᠳ ᠪᠠᠷᠤᠭ ᠭᠠᠵᠠᠷ ᠭᠢᠰᠬᠢᠬᠦ ᠪᠡᠨ ᠪᠣᠯᠢᠬᠤ ᠨᠢ᠃ ᠭᠡᠷ ᠡᠴᠡ ᠨᠢ ᠡᠷᠭᠦᠵᠦ ᠭᠠᠷᠭᠠᠭᠠᠳ ᠯᠠ ᠮᠠᠰᠢᠨ ᠳᠤ ᠰᠠᠭᠤᠯᠭᠠᠵᠤ᠂ ᠰᠤᠷᠭᠠᠭᠤᠯᠢ ᠳᠤ ᠨᠢ ᠬᠦᠷᠭᠡᠳᠡᠭ᠃ ᠪᠢᠳᠡ ᠪᠠᠭ᠎ᠠ ᠠᠩᠬᠢ ᠶᠢᠨ ᠰᠤᠷᠤᠭᠴᠢᠳ ᠲᠤ ᠪᠠᠨ 《ᠡᠵᠢ ᠡ᠂ ᠠᠪᠤ ᠡ ᠪᠢ ᠲᠣᠮᠣ ᠪᠣᠯᠤᠭᠰᠠᠨ》 ᠭᠡᠳᠡᠭ ᠬᠥᠲᠥᠯᠪᠦᠷᠢ ᠬᠡᠷᠡᠭᠵᠢᠭᠦᠯᠳᠡᠭ᠃ ᠬᠡᠦᠬᠡᠳ ᠦᠳ ᠭᠡᠷ᠂ ᠡᠴᠢᠭᠡ᠂ ᠡᠬᠡ ᠡᠴᠡ ᠪᠡᠨ ᠬᠣᠯᠠ ᠵᠤᠰᠠᠯᠠᠩ ᠳᠤ ᠪᠠᠶᠢᠬᠤ ᠬᠤᠭᠤᠴᠠᠭᠠᠨ ᠳᠤ ᠪᠠᠨ ᠬᠤᠪᠴᠠᠰᠤ ᠪᠠᠨ ᠡᠪᠬᠡᠬᠦ ᠡᠴᠡ ᠡᠬᠢᠯᠡᠭᠡᠳ ᠬᠥᠨᠵᠢᠯᠡ ᠭᠤᠳᠤᠰ ᠢᠶᠠᠨ ᠥᠪᠡᠷᠰᠡᠳ ᠢᠶᠡᠨ ᠬᠤᠷᠢᠶᠠᠵᠤ᠂ ᠬᠢᠬᠦ ᠠᠵᠢᠯ ᠢᠶᠠᠨ ᠲᠥᠯᠥᠪᠯᠡᠵᠦ ᠰᠤᠷᠳᠠᠭ᠃ ᠳᠤᠮᠳᠠ ᠠᠩᠭᠢ ᠳᠤ ᠣᠷᠣᠬᠤ ᠳᠤ ᠨᠢ ᠲᠥᠪ ᠠᠶᠢᠮᠠᠭ ᠤᠨ ᠪᠠᠶᠠᠨᠳᠡᠯᠭᠡᠷ ᠰᠤᠮᠤᠨ ᠳᠤ ᠣᠴᠢᠵᠤ ᠴᠢᠯᠠᠭᠤ ᠪᠠᠷ ᠲᠣᠭᠯᠠᠬᠤ᠂ ᠭᠡᠷ ᠪᠠᠷᠢᠬᠤ᠂ ᠦᠨᠢᠶ᠎ᠡ ᠮᠠᠯ ᠰᠠᠭᠠᠬᠤ ᠭᠡᠳ ᠳᠣᠯᠣᠭ᠎ᠠ ᠬᠣᠨᠣᠭ ᠢ ᠮᠠᠯᠴᠢᠨ ᠤ ᠠᠮᠢᠳᠤᠷᠠᠯ ᠢᠶᠠᠷ ᠥᠩᠭᠡᠷᠡᠭᠦᠯᠳᠡᠭ᠃ ᠰᠤᠷᠭᠠᠭᠤᠯᠢ ᠨᠤᠭᠤᠳ ᠤᠯᠠᠮᠵᠢᠯᠠᠯ ᠤᠨ ᠲᠠᠩᠬᠢᠮ ᠲᠠᠢ ᠪᠠᠶᠢᠬᠤ ᠶᠣᠰᠣᠲᠠᠢ ᠭᠡᠵᠦ ᠶᠠᠷᠢᠳᠠᠭ᠃
ᠪᠠᠭᠰᠢ ᠳᠤ ᠤᠷᠮ᠎ᠠ ᠥᠭᠴᠦ᠂ ᠬᠤᠷᠴᠠᠯᠠᠳᠠᠭ ᠬᠦᠮᠦᠰ ᠪᠣᠯ ᠡᠴᠢᠭᠡ᠂ ᠡᠬᠡᠴᠦᠳ
ᠭᠡᠬᠦ ᠳᠦ ᠪᠡᠨ ᠡᠨᠡ ᠪᠣᠯ ᠦᠷ᠎ᠡ ᠳ᠋ᠦᠩ ᠦᠭᠡᠢ᠃ ᠮᠣᠩᠭᠣᠯ ᠬᠦᠮᠦᠨ ᠪᠣᠯ ᠮᠣᠩᠭᠣᠯ ᠭᠡᠷ ᠲᠦ ᠠᠮᠢᠳᠤᠷᠠᠵᠤ᠂ ᠦᠨᠢᠶ᠎ᠡ ᠮᠠᠯ ᠰᠠᠭᠠᠵᠤ ᠦᠵᠡᠬᠦ ᠬᠡᠷᠡᠭᠲᠡᠢ᠃ ᠬᠡᠷᠡᠭᠴᠡᠭᠡ ᠪᠡᠨ ᠪᠣᠯᠭᠠᠵᠤ ᠪᠠᠶᠢᠵᠤ ᠯᠠ ᠰᠤᠶᠤᠯ ᠨᠡᠪᠲᠡᠷᠡᠳᠡᠭ᠃ ᠲᠡᠭᠦᠨ ᠡᠴᠡ ᠪᠢᠰᠢ ᠦᠵᠡᠭᠦᠯ ᠦᠨ ᠰᠤᠶᠤᠯ ᠪᠠᠶᠢᠵᠤ ᠪᠣᠯᠬᠤ ᠦᠭᠡᠢ᠃ ᠠᠬᠠᠯᠠᠬᠤ ᠠᠩᠬᠢ ᠶᠢᠨ ᠰᠤᠷᠤᠭᠴᠢᠳ ᠢᠶᠠᠨ ᠪᠣᠯ ᠬᠢᠴᠢᠶᠡᠯ ᠣᠷᠣᠮᠠᠭᠴᠠ ᠨᠢ ᠪᠠᠶᠢᠭᠠᠯᠢ ᠶᠢᠨ ᠰᠠᠶᠢᠬᠠᠨ ᠢ ᠮᠡᠳᠡᠷᠡᠭᠦᠯᠵᠦ᠂ ᠦᠨᠳᠦᠰᠦᠨ ᠦ ᠵᠠᠩ ᠵᠠᠩᠰᠢᠯ ᠲᠠᠢ ᠨᠢ ᠣᠶᠢᠷᠠᠲᠤᠭᠤᠯᠬᠤ ᠡᠭᠦᠳᠡᠨ ᠡᠴᠡ ᠭᠣᠪᠢ ᠤᠷᠤᠭᠤ ᠠᠶᠠᠯᠠᠭᠤᠯᠳᠠᠭ᠃ ᠬᠡᠦᠬᠡᠳ ᠨᠠᠰᠤᠨ ᠳᠤ ᠪᠠᠨ ᠮᠣᠩᠭᠣᠯ ᠣᠷᠣᠨ ᠤ ᠬᠢ ᠪᠠᠨ ᠭᠠᠶᠢᠬᠠᠮᠰᠢᠭ ᠢ ᠮᠡᠳᠡᠬᠦ ᠦᠭᠡᠢ᠂ ᠵᠥᠪᠬᠡᠨ ᠲᠠᠩᠬᠢᠮ ᠤᠨ ᠬᠢᠴᠢᠶᠡᠯ ᠦᠵᠡᠨ᠎ᠡ ᠭᠡᠳᠡᠭ ᠬᠠᠷᠠᠮᠰᠠᠯᠲᠠᠢ ᠰᠢᠦ ᠳ᠋ᠡ᠃ ᠡᠨᠡ ᠪᠦᠬᠦ ᠠᠶᠠᠯᠠᠯ ᠢ ᠲᠥᠷᠥ ᠶᠢᠨ ᠰᠣᠶᠣᠷᠬᠠᠯᠳᠤ᠂ ᠵᠣᠬᠢᠶᠠᠯᠴᠢ ᠳ ∙ ᠪᠠᠲᠤᠪᠠᠶᠠᠷ ᠭᠤᠸᠠᠢ ᠤᠳᠤᠷᠢᠳᠴᠤ ᠠᠪᠴᠤ ᠶᠠᠪᠤᠳᠠᠭ᠃
-ᠮᠣᠩᠭᠣᠯ ᠤᠨ ᠲᠣᠮᠣ ᠰᠡᠳᠬᠢᠭᠴᠢᠳ ᠦᠨ ᠰᠤᠷᠭᠠᠯ ᠢ ᠬᠣᠶᠢᠴᠢ ᠦᠶ᠎ᠡ ᠳ᠋ᠡᠭᠡᠨ ᠲᠦᠭᠡᠭᠡᠭᠰᠡᠨ ᠰᠠᠶᠢᠬᠠᠨ ᠤᠯᠠᠮᠵᠢᠯᠠᠯ ᠪᠠᠶᠢᠨ᠎ᠠ︖
-ᠶᠠᠭ ᠦᠨᠡᠨ᠃ ᠲᠣᠮᠣ ᠰᠡᠬᠡᠭᠡᠲᠡᠨ ᠭᠡᠳᠡᠭ ᠤᠯᠤᠰ ᠣᠷᠣᠨ ᠤ ᠲᠤᠰᠠᠭᠠᠷ ᠲᠣᠭᠲᠠᠨᠢᠯ ᠤᠨ ᠪᠠᠲᠤᠯᠠᠭ᠎ᠠ ᠪᠣᠯᠳᠠᠭ᠃ ᠪ ∙ ᠷᠢᠨᠴᠢᠨ᠂ ᠼ ∙ ᠳᠠᠮᠳᠢᠨᠰᠦ᠋ᠷᠦᠩ᠂ ᠳ ∙ ᠨᠠᠴᠤᠭᠳᠣᠷᠵᠢ᠂ ᠳ ∙ ᠨᠠᠮᠳᠠᠭ ᠵᠡᠷᠭᠡ ᠪᠢᠴᠢᠭ ᠦᠨ ᠲᠣᠮᠣ ᠰᠡᠬᠡᠭᠡᠲᠡᠨ ᠨᠦᠭᠦᠳ ᠭᠠᠷᠴᠤ ᠢᠷᠡᠭᠰᠡᠨ ᠢᠶᠡᠷ ᠮᠣᠩᠭᠣᠯ ᠤᠨ ᠪᠢᠴᠢᠭ ᠰᠤᠶᠤᠯ ᠶᠠᠭᠠᠬᠢᠵᠤ ᠬᠥᠭᠵᠢᠭᠰᠡᠨ ᠪᠢᠯᠡ᠃ ᠡᠨᠡ ᠮᠤᠨᠳᠠᠭ ᠬᠦᠮᠦᠰ ᠲᠦ ᠨᠡᠶᠢᠲᠡᠯᠢᠭ ᠲᠠᠯ᠎ᠠ ᠪᠤᠢ᠃ ᠶᠠᠭᠤᠨ ᠤ ᠡᠮᠦᠨ᠎ᠡ ᠰᠠᠶᠢᠨ ᠪᠠᠭᠰᠢ᠂ ᠰᠠᠶᠢᠨ ᠨᠣᠮ ᠲᠠᠢ ᠤᠴᠠᠷᠠᠭᠰᠠᠨ ᠪᠠᠶᠢᠳᠠᠭ᠃ ᠮᠥᠨ ᠰᠠᠶᠢᠬᠠᠨ ᠪᠠᠶᠢᠭᠠᠯᠢ ᠲᠠᠢ ᠭᠠᠵᠠᠷ ᠲᠦᠷᠦᠭᠰᠡᠨ᠃ ᠡᠨᠡ ᠪᠦᠬᠦ ᠭᠠᠶᠢᠬᠠᠮᠰᠢᠭ ᠳᠤᠮᠳᠠ ᠥᠰᠴᠦ᠂ ᠲᠥᠯᠦᠪᠰᠢᠭᠰᠡᠨ ᠤᠴᠢᠷ ᠠᠴᠠ ᠠᠭᠤᠤ ᠪᠣᠯᠤᠭᠰᠠᠨ ᠪᠠᠶᠢᠳᠠᠭ᠃ ᠰᠤᠷᠤᠭᠴᠢᠳ ᠮᠠᠨᠢ ᠴᠤ ᠡᠨᠡ ᠰᠠᠶᠢᠬᠠᠨ ᠢ ᠦᠵᠡᠭᠡᠰᠡᠢ ᠭᠡᠵᠦ ᠪᠢᠳᠡ ᠬᠦᠰᠡᠳᠡᠭ᠃
-ᠰᠠᠶᠢᠨ ᠪᠠᠭᠰᠢ ᠶᠢᠨ ᠠᠴᠢ ᠬᠣᠯᠪᠣᠭᠳᠠᠯ ᠢ ᠲᠠ ᠭᠠᠶᠢᠬᠠᠯᠲᠠᠢ ᠲᠠᠶᠢᠯᠪᠤᠷᠢᠯᠠᠯ᠎ᠠ᠃ ᠲᠠᠨ ᠤ ᠰᠤᠷᠭᠠᠭᠤᠯᠢ ᠶᠡᠷᠦ ᠨᠢ ᠪᠠᠭᠰᠢ ᠨᠠᠷ ᠢᠶᠠᠨ ᠶᠠᠭᠠᠬᠢᠵᠤ ᠪᠡᠯᠡᠳᠳᠡᠭ ᠪᠤᠢ︖
-ᠰᠠᠶᠢᠨ ᠪᠠᠭᠰᠢ ᠰᠠᠶᠢᠨ ᠱᠠᠪᠢ ᠲᠥᠷᠦᠭᠦᠯᠦᠨ᠎ᠡ ᠭᠡᠰᠡᠨ ᠵᠠᠷᠴᠢᠮ ᠢ ᠮᠥᠷᠳᠡᠳᠡᠭ᠃ ᠲᠡᠭᠦᠨ ᠡᠴᠡ ᠪᠢᠰᠢ ᠮᠤᠨᠳᠠᠭ ᠱᠠᠪᠢ ᠲᠠᠢ ᠭᠠᠵᠠᠷ ᠰᠠᠶᠢᠨ ᠪᠠᠭᠰᠢ ᠲᠥᠷᠥᠨ᠎ᠡ ᠭᠡᠰᠡᠨ ᠣᠶᠢᠯᠠᠭᠠᠯᠲᠠ ᠪᠠᠶᠢᠬᠤ ᠦᠭᠡᠢ᠃ ᠲᠡᠶᠢᠮᠦ ᠡᠴᠡ ᠰᠠᠶᠢᠨ ᠪᠠᠭᠰᠢ ᠶᠢ ᠥᠰᠬᠡᠵᠦ ᠬᠦᠮᠦᠵᠢᠭᠦᠯᠬᠦ ᠳᠦ ᠪᠠᠭ᠎ᠠ ᠳᠤ ᠪᠠᠨ ᠲᠠᠪᠤᠨ ᠵᠢᠯ ᠵᠠᠷᠤᠴᠠᠭᠤᠯᠳᠠᠭ᠃ ᠴᠢᠩ ᠰᠡᠳᠬᠢᠯ ᠪᠤᠶᠤ ᠬᠡᠦᠬᠡᠳ ᠲᠦ ᠬᠠᠶᠢᠷᠠᠲᠠᠢ᠂ ᠬᠦᠮᠦᠨ ᠴᠢᠨᠠᠷ ᠲᠠᠢ ᠪᠠᠶᠢᠬᠤ ᠨᠢ ᠪᠠᠭᠰᠢ ᠬᠥᠮᠦᠨ ᠳ᠋ᠤ ᠲᠠᠯᠪᠢᠬᠤ ᠶᠣᠰᠣᠲᠠᠢ ᠬᠠᠮᠤᠭ ᠤᠨ ᠡᠬᠢᠨ ᠦ ᠰᠢᠯᠭᠠᠭᠤᠷ᠃ ᠮᠥᠨ ᠮᠡᠷᠭᠡᠵᠢᠯ ᠳᠦ ᠪᠡᠨ ᠬᠠᠶᠢᠷᠠᠲᠠᠢ᠂ ᠪᠠᠭᠰᠢᠯᠠᠬᠤ ᠳᠤᠷ᠎ᠠ ᠰᠣᠨᠢᠷᠬᠠᠯ ᠲᠠᠢ ᠬᠦᠮᠦᠨ ᠢ ᠪᠢᠳᠡ ᠠᠪᠴᠤ᠂ ᠦᠶ᠎ᠡ ᠱᠠᠲᠤ ᠲᠠᠢ ᠪᠡᠯᠡᠳᠴᠦ᠂ ᠮᠡᠷᠭᠡᠵᠢᠯ ᠳᠡᠭᠡᠭᠰᠢᠯᠡᠭᠦᠯᠳᠡᠭ᠃
-ᠬᠡᠦᠬᠡᠳ ᠨᠠᠰᠤ ᠶᠢ ᠶᠠᠭᠤ ᠴᠢᠮᠡᠳᠡᠭ ᠪᠣᠯ︖
-ᠠᠵᠠ ᠵᠢᠷᠭᠠᠯ ᠴᠢᠮᠡᠳᠡᠭ᠃ ᠬᠡᠦᠬᠡᠳ ᠠᠵᠠ ᠵᠢᠷᠭᠠᠯ ᠲᠠᠢ ᠠᠮᠢᠳᠤᠷᠠᠬᠤ ᠡᠷᠬᠡ ᠲᠡᠢ᠃ ᠬᠠᠷᠢᠨ ᠡᠨᠡ ᠠᠵᠠ ᠵᠢᠷᠭᠠᠯ ᠢ ᠪᠢᠳᠡ ᠯᠠ ᠥᠭᠬᠦ ᠤᠴᠢᠷᠲᠠᠢ᠃ ᠰᠤᠷᠭᠠᠭᠤᠯᠢ ᠳᠤ ᠢᠷᠡᠭᠡᠳ ᠠᠵᠠ ᠵᠢᠷᠭᠠᠯ ᠦᠭᠡᠢ ᠪᠣᠯᠴᠢᠬᠠᠳᠠᠭ ᠪᠣᠯ ᠮᠠᠭᠤᠬᠠᠢ ᠰᠢᠦ ᠳ᠋ᠡ᠃
-ᠬᠡᠲᠦ ᠶᠡᠬᠡ ᠬᠢᠴᠢᠶᠡᠯ ᠢᠶᠡᠷ ᠳᠠᠷᠤᠬᠤ ᠨᠢ ᠬᠡᠦᠬᠡᠳ ᠨᠠᠰᠤ ᠶᠢ ᠬᠤᠯᠠᠭᠠᠶᠢᠯᠠᠵᠤ ᠪᠠᠶᠢᠨ᠎ᠠ ᠭᠡᠬᠦ ᠰᠢᠭᠦᠮᠵᠢᠯᠡᠯ ᠪᠠᠶᠢᠳᠠᠭ︖
-ᠬᠡᠦᠬᠡᠳ ᠲᠦ ᠨᠠᠰᠤ ᠭᠡᠳᠡᠭ ᠴᠢᠬᠤᠯᠠ᠃ ᠬᠡᠦᠬᠡᠳ ᠦᠨ ᠨᠠᠰᠤ ᠶᠢ ᠦᠯᠦ ᠲᠣᠭᠤᠵᠤ ᠬᠡᠷᠬᠢᠪᠡᠴᠦ ᠪᠣᠯᠬᠤ ᠦᠭᠡᠢ᠃ ᠨᠠᠰᠤ ᠨᠢ ᠪᠠᠭ᠎ᠠ ᠦᠶ᠎ᠡ ᠳᠦ ᠬᠡᠦᠬᠡᠳ ᠢ ᠬᠢᠴᠢᠶᠡᠯ ᠢᠶᠡᠷ ᠳᠠᠷᠤᠬᠤ ᠰᠠᠶᠢᠨ ᠪᠢᠰᠢ᠃ ᠬᠠᠷᠢᠨ ᠬᠦᠮᠦᠨ ᠪᠣᠯᠵᠤ ᠲᠥᠯᠥᠪᠰᠢᠬᠦ᠂ ᠬᠠᠮᠲᠤ ᠣᠯᠠᠨ ᠤ ᠳᠤᠮᠳᠠ ᠪᠡᠶ᠎ᠡ ᠪᠡᠨ ᠠᠪᠴᠤ ᠶᠠᠪᠤᠬᠤ ᠴᠢᠳᠠᠪᠤᠷᠢ ᠶᠢ ᠨᠢ ᠭᠦᠨᠵᠡᠭᠡᠢ ᠰᠠᠭᠤᠯᠭᠠᠬᠤ ᠬᠡᠷᠡᠭᠲᠡᠢ᠃ ᠡᠨᠡ ᠦᠶ᠎ᠡ ᠳᠦ ᠨᠢ ᠬᠡᠦᠬᠡᠳ ᠢ ᠶᠠᠩᠵᠤ ᠪᠦᠷᠢ ᠶᠢᠨ ᠮᠡᠳᠡᠯᠭᠡ ᠪᠡᠷ ᠳᠦᠭᠦᠷᠭᠡᠬᠦ ᠨᠢ ᠲᠣᠬᠢᠷᠠᠮᠵᠢᠲᠠᠢ ᠪᠤᠰᠤ᠃ ᠰᠣᠨᠢᠭᠤᠴᠢ ᠵᠠᠩ ᠶᠡᠬᠡ ᠲᠡᠢ᠂ ᠬᠢᠴᠢᠶᠡᠯ ᠳᠦ ᠪᠡᠨ ᠪᠣᠯᠤᠨ ᠨᠣᠮ ᠤᠩᠰᠢᠬᠤ ᠳᠤᠷᠠᠲᠠᠢ ᠪᠠᠶᠢᠬᠤ ᠳᠤ ᠯᠠ ᠪᠣᠯᠤᠨ᠎ᠠ ᠰᠢᠦ ᠳ᠋ᠡ᠃ ᠡᠶᠢᠮᠦ ᠬᠡᠦᠬᠡᠳ ᠯᠠ ᠠᠶᠠᠨᠳᠠᠭᠠᠨ ᠬᠥᠭᠵᠢᠳᠡᠭ᠃ ᠹᠢᠨᠯᠠᠨᠳ᠋ ᠭᠡᠬᠦ ᠳᠦ ᠡᠳᠦᠷ ᠲᠦ 2-3 ᠴᠠᠭ ᠬᠢᠴᠢᠶᠡᠯᠯᠡᠭᠡᠳ᠂ ᠦᠯᠡᠳᠡᠭᠰᠡᠨ ᠬᠤᠭᠤᠴᠠᠭ᠎ᠠ ᠶᠢ ᠨᠢ ᠲᠣᠭᠯᠠᠵᠤ ᠥᠩᠭᠡᠷᠡᠭᠦᠯᠳᠡᠭ᠃ ᠬᠠᠷᠢᠨ ᠠᠩᠭᠢ ᠳᠡᠭᠡᠭᠰᠢᠯᠡᠬᠦ ᠲᠤᠰᠤᠮ ᠪᠡᠶ᠎ᠡ ᠳᠠᠭᠠᠭᠠᠬᠤ ᠴᠢᠳᠠᠪᠤᠷᠢ ᠶᠢ ᠨᠢ ᠳᠡᠮᠵᠢᠳᠡᠭ᠃ ᠮᠠᠨ ᠤ ᠠᠬᠠᠯᠠᠬᠤ ᠠᠩᠭᠢ ᠶᠢᠨ ᠬᠢᠨ ᠤ ᠬᠢᠴᠢᠶᠡᠯ 15.00 ᠴᠠᠭ ᠥᠩᠭᠡᠷᠡᠭᠡᠭᠡᠳ ᠳᠠᠷᠬᠠᠨᠠ᠃ ᠳᠠᠷᠠᠭ᠎ᠠ ᠨᠢ ᠰᠣᠩᠭᠣᠨ ᠪᠣᠯᠤᠨ ᠳᠤᠭᠤᠶᠢᠯᠠᠩ ᠤᠨ ᠬᠢᠴᠢᠶᠡᠯ ᠣᠷᠣᠳᠠᠭ᠃ ᠶᠡᠷᠦ ᠨᠢ ᠲᠡᠭᠦᠰᠬᠦ ᠠᠩᠭᠢ ᠶᠢᠨ ᠬᠢᠨ ᠮᠠᠰᠢ ᠶᠡᠬᠡ ᠠᠴᠢᠶᠠᠯᠠᠯ ᠲᠠᠢ ᠪᠠᠶᠢᠳᠠᠭ᠃
-ᠬᠡᠦᠬᠡᠳ ᠦᠨ ᠢᠶᠡᠨ ᠠᠪᠢᠶᠠᠰ᠂ ᠳᠤᠷ᠎ᠠ ᠰᠣᠨᠢᠷᠬᠠᠯ ᠢ ᠨᠡᠭᠡᠭᠡᠬᠦ ᠶᠢᠨ ᠲᠤᠯᠠᠳᠠ 4-5 ᠳᠤᠭᠤᠶᠢᠯᠠᠩ ᠳᠤ ᠶᠠᠪᠤᠭᠤᠯᠬᠤ ᠲᠣᠬᠢᠶᠠᠯᠳᠤᠯ ᠶᠡᠬᠡ ᠪᠠᠶᠢᠨ᠎ᠠ᠃ ᠡᠭᠦᠨ ᠦ ᠰᠥᠷᠭᠦ ᠲᠠᠯ᠎ᠠ ᠭᠡᠵᠦ ᠪᠤᠢ ᠤᠤ︖
-ᠪᠢ ᠬᠤᠪᠢ ᠳ᠋ᠠᠭᠠᠨ ᠡᠭᠦᠨ ᠢ ᠬᠡᠦᠬᠡᠳ ᠦᠨ ᠲᠥᠯᠦᠪᠰᠢᠯ ᠳᠦ ᠰᠠᠶᠢᠨ ᠢᠶᠠᠷ ᠨᠥᠯᠦᠭᠡᠯᠡᠳᠡᠭ ᠭᠡᠵᠦ ᠬᠡᠯᠡᠵᠦ ᠴᠢᠳᠠᠬᠤ ᠦᠭᠡᠢ᠃ 3-4 ᠭᠡᠳᠡᠭ ᠠᠷᠠᠢ ᠯᠠ ᠬᠡᠲᠦᠷᠡᠵᠦ ᠪᠠᠶᠢᠨ᠎ᠠ᠃ ᠬᠡᠦᠬᠡᠳ ᠡᠵᠢ ᠠᠪᠤ᠂ ᠭᠡᠷ ᠪᠦᠯᠢ᠂ ᠨᠠᠶᠢᠵᠠ ᠨᠥᠬᠦᠳ ᠲᠡᠢ ᠪᠠᠨ ᠴᠤᠭ ᠪᠠᠶᠢᠵᠤ ᠠᠵᠠ ᠵᠢᠷᠭᠠᠯ ᠲᠠᠢ ᠪᠣᠯᠳᠠᠭ᠃ ᠮᠡᠳᠡᠭᠡᠵᠢ ᠠᠪᠢᠶᠠᠰ ᠢ ᠨᠢ ᠬᠥᠭᠵᠢᠭᠦᠯᠬᠦ ᠪᠡᠷ ᠳᠤᠭᠤᠶᠢᠯᠠᠩ ᠳᠤ ᠶᠠᠪᠤᠭᠤᠯᠵᠤ ᠪᠣᠯᠤᠨ᠎ᠠ᠃ ᠪᠢᠳᠡ ᠪᠣᠯ ᠬᠣᠶᠠᠳᠤᠭᠠᠷ ᠠᠩᠭᠢ ᠠᠴᠠ ᠨᠢ ᠰᠣᠨᠢᠷᠬᠠᠯ ᠳᠤ ᠨᠢ ᠨᠡᠶᠢᠴᠡᠭᠦᠯᠦᠭᠡᠳ ᠭᠠᠭᠴᠠ ᠨᠢᠭᠡ ᠳᠤᠭᠤᠶᠢᠯᠠᠩ ᠳᠤ ᠶᠠᠪᠤᠭᠤᠯᠳᠠᠭ᠃ ᠬᠠᠷᠢᠨ ᠳᠤᠮᠳᠠ ᠠᠩᠭᠢ ᠳᠤ ᠪᠣᠯ ᠳᠤᠭᠤᠶᠢᠯᠠᠩ ᠳᠤ ᠢᠯᠡᠭᠦᠦ ᠶᠡᠬᠡ ᠠᠩᠬᠠᠷᠤᠯ ᠬᠠᠨᠳᠤᠭᠤᠯᠳᠠᠭ᠃ ᠶᠡᠷᠦ ᠨᠢ ᠲᠠᠩᠬᠢᠮ ᠤᠨ ᠭᠠᠳᠠᠭᠤᠷᠬᠢ ᠰᠤᠷᠭᠠᠯᠲᠠ ᠠᠴᠠ ᠭᠠᠳᠠᠨ᠎ᠠ ᠰᠤᠷᠤᠭᠴᠢᠳ ᠤᠨ ᠥᠪᠡᠷ ᠢᠶᠡᠨ ᠤᠳᠤᠷᠢᠳᠬᠤ ᠵᠥᠪᠯᠡᠯ᠂ ᠳᠤᠭᠤᠶᠢᠯᠠᠩ᠂ ᠺᠯᠤᠶᠢᠪ ᠦᠳ ᠢ ᠮᠠᠰᠢ ᠰᠠᠶᠢᠨ ᠳᠡᠮᠵᠢᠬᠦ ᠶᠣᠰᠣᠲᠠᠢ ᠭᠡᠰᠡᠨ ᠪᠣᠳᠣᠯᠭ᠎ᠠ ᠪᠠᠷᠢᠳᠠᠭ᠃
-《ᠰᠢᠨ᠎ᠡ ᠮᠣᠩᠭᠣᠯ》 16 ᠲᠡᠭᠦᠰᠦᠯᠲᠡ ᠬᠢᠭᠰᠡᠨ ᠪᠠᠶᠢᠨ᠎ᠠ᠃ ᠲᠡᠷᠡ ᠦᠶ᠎ᠡ ᠶᠢᠨ ᠰᠤᠷᠤᠭᠴᠢᠳ ᠤᠨ ᠬᠠᠨᠳᠤᠯᠭ᠎ᠠ ᠶᠢ ᠣᠳᠣ ᠦᠶ᠎ᠡ ᠶᠢᠨ ᠬᠢ ᠲᠡᠢ ᠬᠠᠷᠢᠴᠠᠭᠤᠯᠬᠤ ᠳᠤ ᠬᠢᠷᠢ ᠵᠡᠷᠭᠡ ᠥᠭᠡᠷᠡᠴᠢᠯᠡᠭᠳᠡᠭᠰᠡᠨ ᠪᠣᠯ︖
-ᠪᠢ ᠡᠨᠡ ᠰᠤᠷᠭᠠᠭᠤᠯᠢ ᠶᠢᠨ ᠵᠠᠬᠢᠷᠤᠯ ᠢᠶᠠᠷ ᠠᠵᠢᠯᠯᠠᠭᠠᠳ ᠲᠠᠪᠤᠨ ᠵᠢᠯ ᠪᠣᠯᠵᠤ ᠪᠠᠶᠢᠨ᠎ᠠ᠃ ᠲᠡᠶᠢᠮᠦ ᠡᠴᠡ 16 ᠵᠢᠯ ᠦᠨ ᠡᠮᠦᠨᠡᠬᠢ ᠶᠢ ᠨᠠᠷᠢᠨ ᠬᠡᠯᠡᠵᠦ ᠮᠡᠳᠡᠬᠦ ᠦᠭᠡᠢ᠃ ᠭᠡᠬᠦ ᠳᠦ ᠪᠡᠨ 《ᠰᠢᠨ᠎ᠡ ᠮᠣᠩᠭᠣᠯ》 ᠰᠤᠷᠭᠠᠭᠤᠯᠢ ᠶᠢᠨ ᠲᠡᠭᠦᠰᠦᠭᠴᠢᠳ ᠲᠡᠢ ᠲᠡᠷᠡ ᠦᠶ᠎ᠡ ᠡᠴᠡ ᠬᠠᠷᠢᠯᠴᠠᠵᠤ ᠡᠬᠢᠯᠡᠭᠰᠡᠨ᠃ ᠦᠶ᠎ᠡ ᠦᠶ᠎ᠡ ᠶᠢᠨ ᠲᠡᠭᠦᠰᠦᠭᠴᠢᠳ ᠦᠨ ᠬᠡᠯᠡᠵᠦ ᠪᠤᠢ ᠨᠢᠭᠡ ᠵᠦᠢᠯ ᠪᠣᠯ ᠮᠠᠨ ᠤ ᠨᠡᠶᠢᠭᠡᠮ ᠡᠳ᠋ ᠮᠠᠲ᠋ᠧᠷᠢᠶᠠᠯ ᠤᠨ ᠬᠤᠪᠢ ᠳᠤ ᠪᠠᠶᠠᠨ ᠪᠣᠯᠵᠠᠢ ᠭᠡᠵᠦ ᠲᠡᠳᠡ ᠶᠠᠷᠢᠳᠠᠭ᠃ ᠦᠨᠡᠬᠡᠷ ᠴᠤ ᠲᠡᠶᠢᠮᠦ᠃ ᠳᠡᠪᠲᠡᠷ ᠭᠡᠬᠦ ᠳᠦ ᠯᠠ ᠥᠴᠢᠨᠡᠨ ᠣᠯᠠᠨ ᠲᠥᠷᠥᠯ ᠪᠠᠶᠢᠨ᠎ᠠ᠃ ᠬᠠᠷᠢᠨ 16 ᠵᠢᠯ ᠦᠨ ᠡᠮᠦᠨ᠎ᠡ ᠬᠡᠦᠬᠡᠳ ᠦᠨ ᠰᠡᠳᠬᠢᠯ ᠢᠯᠡᠭᠦᠦ ᠳᠡᠪᠡᠷᠡᠭᠦᠨ᠂ ᠬᠢᠵᠦ ᠪᠦᠲᠦᠭᠡᠬᠦ ᠬᠦᠰᠡᠯ ᠡᠷᠡᠮᠡᠯᠵᠡᠯ ᠢᠶᠡᠷ ᠳᠦᠭᠦᠷᠡᠩ᠂ ᠰᠡᠳᠬᠢᠯᠭᠡᠨ ᠦ ᠬᠤᠪᠢ ᠳᠤ ᠪᠠᠶᠠᠯᠢᠭ ᠪᠠᠶᠢᠭᠰᠠᠨ ᠪᠣᠯᠪᠠ ᠤᠤ᠃ ᠣᠳᠣ ᠪᠣᠯ ᠨᠡᠶᠢᠭᠡᠮ ᠢᠶᠡᠨ ᠳᠠᠭᠠᠭᠠᠳ ᠬᠡᠦᠬᠡᠳ ᠦᠳ ᠰᠡᠳᠬᠢᠯ ᠦᠨ ᠬᠤᠪᠢ ᠳᠤ ᠳᠥᠷᠪᠡᠨ ᠬᠠᠨᠠᠨ ᠠᠴᠠ ᠪᠠᠨ ᠭᠠᠷᠤᠭ᠎ᠠ ᠦᠭᠡᠢ᠂ ᠹᠧᠢᠰᠪᠥᠺ ᠢᠶᠡᠷ ᠶᠢᠷᠲᠢᠨᠴᠦ ᠶᠢ ᠬᠠᠷᠠᠭᠠᠳ ᠪᠠᠶᠢᠨ᠎ᠠ ᠤᠤ ᠳ᠋ᠠ ᠭᠡᠵᠦ ᠬᠠᠷᠠᠳᠠᠭ᠃ ᠭᠡᠬᠦ ᠳᠦ ᠪᠡᠨ ᠣᠳᠣ ᠶᠢᠨ ᠬᠡᠦᠬᠡᠳ ᠦᠳ ᠮᠠᠰᠢ ᠰᠠᠶᠢᠨ ᠬᠦᠮᠦᠵᠢᠯᠲᠡᠢ ᠪᠣᠯᠤᠭᠰᠠᠨ ᠢ ᠬᠡᠯᠡᠬᠦ ᠬᠡᠷᠡᠭᠲᠡᠢ᠃ 1990-2000 ᠣᠨ ᠳᠤ ᠪᠣᠯ ᠭᠤᠳᠤᠮᠵᠢᠨ ᠳᠤ ᠬᠠᠮᠢᠭ᠎ᠠ ᠰᠠᠶᠢᠭᠦᠢ ᠵᠣᠳᠣᠭᠠᠨ᠃ ᠬᠣᠭᠣᠷᠣᠨᠳᠣ ᠪᠠᠨ ᠴᠢᠯᠠᠭᠤ ᠪᠠᠷ ᠪᠠᠶᠢᠯᠳᠤᠳᠠᠭ ᠬᠡᠦᠬᠡᠳ ᠦᠳ ᠣᠳᠣ ᠬᠠᠷᠠᠭᠳᠠᠬᠤ ᠦᠭᠡᠢ ᠪᠠᠶᠢᠨ᠎ᠠ᠃ ᠮᠡᠳᠡᠭᠡᠵᠢ ᠰᠡᠳᠬᠢᠯ ᠵᠢᠷᠦᠬᠡᠨ ᠦ ᠬᠦᠮᠦᠵᠢᠯ ᠢ ᠪᠢᠳᠡ ᠰᠠᠶᠢᠨ ᠣᠯᠭᠣᠬᠤ ᠶᠣᠰᠣᠲᠠᠢ᠃
-ᠪᠠᠭᠰᠢ ᠨᠠᠷ ᠬᠡᠦᠬᠡᠳ ᠦᠨ ᠰᠤᠷᠤᠯᠭ᠎ᠠ ᠳᠤ ᠡᠴᠢᠭᠡ ᠡᠬᠡ ᠶᠢᠨ ᠣᠷᠣᠯᠴᠠᠭ᠎ᠠ ᠰᠤᠷᠭᠠᠭᠤᠯᠢ ᠠᠴᠠ ᠨᠢ ᠢᠯᠡᠭᠦᠦ ᠴᠢᠬᠤᠯᠠ ᠭᠡᠵᠦ ᠶᠠᠷᠢᠳᠠᠭ᠃ ᠲᠠ ᠡᠭᠦᠨ ᠲᠡᠢ ᠰᠠᠨᠠᠯ ᠨᠡᠶᠢᠯᠡᠳᠡᠭ ᠦᠦ︖
-ᠮᠡᠳᠡᠭᠡᠵᠢ ᠮᠠᠰᠢ ᠴᠢᠬᠤᠯᠠ᠃ ᠡᠴᠢᠭᠡ ᠡᠬᠡᠴᠦᠳ ᠲᠦ ᠨᠢᠭᠡ ᠨᠡᠶᠢᠲᠡᠯᠢᠭ ᠠᠯᠳᠠᠭ᠎ᠠ ᠪᠤᠢ᠃ ᠪᠠᠭ᠎ᠠ ᠠᠩᠭᠢ ᠳᠤ ᠨᠢ ᠬᠢᠴᠢᠶᠡᠯ ᠳᠦ ᠨᠢ ᠮᠠᠰᠢ ᠶᠡᠬᠡ ᠣᠷᠣᠯᠴᠠᠳᠠᠭ ᠠᠲᠠᠯ᠎ᠠ ᠪᠠᠨ ᠳᠤᠮᠳᠠ᠂ ᠠᠬᠠᠯᠠᠬᠤ ᠠᠩᠭᠢ ᠳᠤ ᠨᠢ ᠣᠷᠬᠢᠴᠢᠬᠠᠳᠠᠭ᠃ ᠤᠭ ᠨᠢ ᠡᠰᠡᠷᠭᠦ ᠪᠡᠷ ᠢᠶᠡᠨ ᠪᠠᠶᠢᠬᠤ ᠶᠣᠰᠣᠲᠠᠢ᠃ ᠭᠡᠲᠡᠯ᠎ᠡ ᠣᠳᠣ ᠪᠠᠭ᠎ᠠ ᠠᠩᠭᠢ ᠳᠤ ᠬᠡᠲᠦᠷᠬᠡᠢ ᠶᠡᠬᠡ ᠣᠷᠣᠯᠴᠠᠭᠠᠳ ᠪᠠᠶᠢᠨ᠎ᠠ᠃ ᠠᠯᠢ ᠪᠣᠯᠬᠤ ᠪᠡᠶ᠎ᠡ ᠶᠢ ᠨᠢ ᠳᠠᠭᠠᠭᠠᠯᠭᠠᠭᠠᠳ᠂ ᠲᠣᠮᠣᠷᠠᠬᠤ ᠲᠤᠰᠤᠮ ᠨᠢ ᠠᠩᠬᠠᠷᠬᠤ ᠬᠡᠷᠡᠭᠲᠡᠢ᠃
-ᠮᠣᠩᠭᠣᠯ ᠳᠤ ᠣᠶᠢᠷ᠎ᠠ ᠶᠢᠨ ᠵᠢᠯ ᠦᠳ ᠲᠦ ᠶᠠᠮᠠᠷ ᠮᠡᠷᠭᠡᠵᠢᠯ ᠡᠷᠢᠯᠲᠡ ᠲᠡᠢ ᠪᠠᠶᠢᠬᠤ ᠪᠤᠢ︖
-ᠮᠠᠨ ᠤ ᠲᠡᠭᠦᠰᠦᠭᠴᠢᠳ ᠦᠨ 70 ᠬᠤᠪᠢ ᠨᠢ ᠪᠠᠶᠢᠭᠠᠠᠯᠢ ᠶᠢᠨ ᠤᠬᠠᠭᠠᠨ᠂ ᠢᠨᠵᠧᠨᠧᠷ ᠴᠢᠭᠯᠡᠯ ᠢᠶᠡᠷ ᠪᠡᠯᠡᠳᠬᠡᠭᠳᠡᠳᠡᠭ᠃ ᠭᠡᠬᠦ ᠳᠦ ᠪᠡᠨ ᠵᠠᠬ᠎ᠠ ᠵᠡᠭᠡᠯᠢ ᠥᠪᠡᠷ ᠢᠶᠡᠨ ᠮᠠᠰᠢ ᠮᠡᠳᠡᠷᠡᠳ᠋ᠡᠭ ᠰᠢᠦ ᠳ᠋ᠡ᠃ ᠬᠡᠳᠦᠬᠡᠨ ᠵᠢᠯ ᠦᠨ ᠡᠮᠦᠨ᠎ᠡ ᠠᠭᠤᠯᠠ ᠠᠭᠤᠷᠬᠠᠢ ᠶᠢᠨ ᠮᠡᠷᠭᠡᠵᠢᠯᠲᠡᠨ ᠨᠦᠭᠦᠳ ᠢ ᠣᠯᠠᠨ ᠢᠶᠠᠷ ᠪᠡᠯᠡᠳᠬᠡᠭᠰᠡᠨ᠃ ᠡᠷᠢᠯᠲᠡ ᠴᠤ ᠥᠨᠳᠥᠷ ᠪᠠᠶᠢᠭᠰᠠᠨ᠃
ᠭᠡᠲᠡᠯ᠎ᠡ 2012 ᠣᠨ ᠠᠴᠠ ᠰᠠᠯᠪᠤᠷᠢ ᠨᠢ ᠥᠪᠡᠷ ᠢᠶᠡᠨ ᠬᠡᠴᠡᠭᠦᠦ ᠪᠠᠶᠢᠳᠠᠯ ᠳᠤ ᠣᠷᠣᠭᠰᠠᠨ᠃ ᠣᠳᠣ ᠪᠣᠯ ᠵᠠᠮ ᠭᠦᠦᠷ᠂ ᠪᠠᠷᠢᠯᠭ᠎ᠠ᠂ ᠮᠢᠺᠷᠣᠪᠢᠣᠯᠣᠭᠢ ᠶᠢᠨ ᠴᠢᠭᠯᠡᠯ ᠢᠶᠡᠷ ᠰᠤᠷᠤᠯᠴᠠᠬᠤ ᠬᠦᠰᠡᠯ ᠲᠡᠢ ᠬᠡᠦᠬᠡᠳ ᠦᠨ ᠲᠣᠭ᠎ᠠ ᠨᠡᠮᠡᠭᠳᠡᠵᠦ ᠪᠠᠶᠢᠨ᠎ᠠ᠃ ᠲᠥᠷᠥ ᠵᠠᠰᠠᠭ ᠠᠴᠠ ᠬᠤᠪᠢ ᠶᠢᠨ ᠬᠡᠪᠰᠢᠯ ᠢᠶᠡᠨ ᠰᠠᠶᠢᠨ ᠳᠡᠮᠵᠢᠭᠡᠰᠡᠢ ᠭᠡᠵᠦ ᠬᠦᠰᠡᠵᠦ ᠪᠠᠶᠢᠨ᠎ᠠ᠃ ᠦᠨᠳᠦᠰᠦᠨ ᠦ ᠨᠡᠶᠢᠲᠡ ᠪᠦᠲᠦᠭᠡᠭᠳᠡᠬᠦᠨ ᠳᠦ ᠬᠤᠪᠢ ᠶᠢᠨ ᠬᠡᠪᠰᠢᠯ ᠦᠨ ᠣᠷᠣᠯᠴᠠᠭ᠎ᠠ 70 ᠬᠤᠪᠢ ᠠᠴᠠ ᠳᠡᠭᠡᠭᠰᠢ ᠪᠠᠶᠢᠬᠤ ᠶᠣᠰᠣᠲᠠᠢ᠃ ᠢᠩᠭᠢᠵᠦ ᠪᠠᠶᠢᠵᠤ ᠠᠵᠢᠯ ᠤᠨ ᠪᠠᠶᠢᠷᠢ ᠣᠯᠠᠨ ᠢᠶᠠᠷ ᠪᠤᠢ ᠪᠣᠯᠤᠨ᠎ᠠ᠃ ᠠᠵᠤ ᠦᠢᠯᠡᠳᠪᠦᠷᠢ ᠶᠢᠨ ᠳᠥᠷᠪᠡᠳᠦᠭᠡᠷ ᠬᠤᠪᠢᠰᠬᠠᠯ ᠢᠷᠡᠭᠡᠳ ᠪᠤᠢ ᠡᠨᠡ ᠡᠷᠢᠨ ᠦᠶ᠎ᠡ ᠳᠦ ᠮᠡᠳᠡᠭᠡᠯᠡᠯ ᠲᠧᠭᠨᠣᠯᠣᠭᠢ᠂ ᠬᠢᠮᠡᠯ ᠣᠶᠤᠨ ᠤᠬᠠᠭᠠᠨ᠂ ᠪᠢᠣᠲ᠋ᠧᠭᠨᠣᠯᠣᠭᠢ᠂ ᠷᠣᠪᠣᠲ ᠰᠤᠳᠤᠯᠤᠯ ᠤᠨ ᠮᠠᠰᠢ ᠣᠯᠠᠨ ᠢᠨᠵᠧᠨᠧᠷ ᠮᠣᠩᠭᠣᠯ ᠳᠤ ᠬᠡᠷᠡᠭ ᠪᠣᠯᠤᠨ᠎ᠠ ᠰᠢᠦ᠃ ᠡᠨᠡ ᠰᠠᠯᠪᠤᠷᠢ ᠤᠳ ᠮᠠᠨ ᠤ ᠳᠤ ᠬᠥᠭᠵᠢᠬᠦ ᠪᠣᠯᠤᠮᠵᠢ ᠥᠨᠳᠥᠷ ᠪᠠᠶᠢᠨ᠎ᠠ᠃
ᠬᠡᠷᠡᠭᠴᠡᠭᠡ ᠪᠡᠨ ᠪᠣᠯᠭᠠᠵᠤ ᠪᠠᠶᠢᠵᠤ ᠰᠤᠶᠤᠯ ᠨᠡᠪᠲᠡᠷᠡᠳᠡᠭ
-ᠲᠠ ᠰᠤᠷᠤᠭᠴᠢᠳ ᠲᠤ ᠪᠠᠨ ᠶᠠᠮᠠᠷ ᠵᠥᠪᠯᠡᠭᠡ ᠥᠭᠬᠦ ᠳᠤᠷᠠᠲᠠᠢ ᠪᠤᠢ︖
-ᠠᠵᠠ ᠵᠢᠷᠭᠠᠯ ᠢ ᠮᠡᠳᠡᠷᠡᠵᠥ ᠰᠤᠷ ᠭᠡᠵᠦ ᠬᠡᠯᠡᠬᠦ ᠳᠤᠷᠠᠲᠠᠢ᠃ ᠵᠣᠪᠠᠯᠠᠩ ᠭᠡᠵᠦ ᠬᠠᠷᠠᠪᠠᠯ ᠵᠣᠪᠠᠯᠠᠩ ᠯᠠ ᠪᠠᠶᠢᠨ᠎ᠠ᠃ ᠢᠷᠡᠭᠡᠳᠦᠢ ᠳᠦ ᠬᠦᠷᠬᠦ ᠭᠦᠭᠦᠷᠭᠡ᠂ ᠭᠢᠰᠬᠢᠭᠦᠷ ᠭᠡᠵᠦ ᠬᠠᠷᠠᠪᠠᠯ ᠥᠭᠡᠷ᠎ᠡ ᠰᠢᠦ ᠳ᠋ᠡ᠃ ᠲᠤᠬᠠᠶᠢᠯᠠᠪᠠᠯ᠂ ᠶᠠᠫᠣᠨ ᠤ ᠶᠡᠷᠦᠩᠬᠡᠢ ᠰᠠᠶᠢᠳ ᠢᠶᠠᠷ 1948-1954 ᠣᠨ ᠳᠤ ᠠᠵᠢᠯᠯᠠᠵᠤ ᠪᠠᠶᠢᠭᠰᠠᠨ ᠶᠣᠰᠢᠳᠠ ᠰᠢᠭᠢᠷᠦ ᠶᠢ ᠭᠠᠳᠠᠭᠠᠳᠤ ᠬᠠᠷᠢᠯᠴᠠᠭ᠎ᠠ ᠪᠠᠷ ᠮᠤᠨᠳᠠᠭ ᠰᠤᠷᠤᠯᠴᠠᠭᠠᠳ ᠢᠷᠡᠬᠦ ᠳᠦ ᠨᠢ ᠺᠣᠨᠰᠤᠶᠢᠯ ᠤᠨ ᠭᠠᠵᠠᠷ ᠲᠤ ᠬᠠᠮᠤᠭ ᠤᠨ ᠳᠣᠣᠷᠠᠳᠤ ᠠᠯᠪᠠᠨ ᠲᠤᠰᠢᠶᠠᠯ ᠪᠤᠶᠤ ᠪᠢᠴᠢᠭ ᠬᠠᠷᠢᠭᠤᠴᠠᠭᠰᠠᠨ ᠠᠲᠲ᠋ᠠᠱᠧ ᠪᠠᠷ ᠲᠣᠮᠢᠯᠠᠭᠰᠠᠨ᠃
ᠲᠡᠭᠦᠨ ᠳᠦ ᠠᠵᠢᠯ ᠨᠢ ᠣᠭᠲᠣ ᠲᠠᠭᠠᠯᠠᠭᠳᠠᠭ᠎ᠠ ᠦᠭᠡᠢ᠃ ᠭᠡᠲᠡᠯ᠎ᠡ ᠬᠠᠳᠠᠮ ᠡᠴᠢᠭᠡ ᠨᠢ 《ᠴᠢ ᠶᠠᠮᠠᠷ ᠠᠵᠠ ᠲᠠᠢ ᠬᠦᠮᠦᠨ ᠪᠤᠢ᠃ ᠶᠠᠫᠣᠨ ᠤᠯᠤᠰ ᠤᠨ ᠨᠠᠷᠢᠨ ᠨᠢᠭᠤᠴᠠ ᠮᠡᠳᠡᠭᠡᠯᠡᠯ ᠢ ᠺᠣᠨᠰᠤᠶᠢᠯ ᠠᠴᠠ ᠪᠠᠨ ᠡᠮᠦᠨ᠎ᠡ ᠬᠠᠷᠠᠵᠤ ᠪᠠᠶᠢᠨ᠎ᠠ ᠰᠢᠦ ᠳ᠋ᠡ》 ᠭᠡᠰᠡᠨ ᠡᠴᠡ ᠬᠣᠶᠢᠰᠢ ᠠᠵᠢᠯ ᠳᠤ ᠪᠠᠨ ᠬᠠᠨᠳᠤᠬᠤ ᠬᠠᠨᠳᠤᠯᠭ᠎ᠠ ᠨᠢ ᠡᠷᠡᠰ ᠥᠭᠡᠷᠡᠴᠢᠯᠡᠭᠳᠡᠭᠰᠡᠨ᠃ ᠤᠯᠠᠮ ᠢᠶᠠᠷ ᠱᠢᠹᠷ ᠢᠶᠡᠷ ᠢᠷᠡᠭᠰᠡᠨ ᠮᠡᠳᠡᠭᠡᠯᠡᠯ ᠢᠶᠡᠨ ᠲᠠᠶᠢᠯᠤᠯ ᠤᠨ ᠬᠠᠮᠲᠤ ᠺᠣᠨᠰᠤᠶᠢᠯ ᠳᠤ ᠪᠠᠨ ᠡᠷᠭᠦᠨ ᠪᠠᠷᠢᠳᠠᠭ ᠪᠣᠯᠤᠭᠰᠠᠨ ᠢᠶᠠᠷ ᠠᠯᠪᠠᠨ ᠳᠤ ᠪᠠᠨ ᠳᠡᠪᠰᠢᠬᠦ ᠵᠠᠮ ᠨᠢ ᠨᠡᠭᠡᠭᠡᠭᠳᠡᠭᠰᠡᠨ ᠭᠡᠵᠦ ᠦᠵᠡᠳᠡᠭ᠃ ᠲᠡᠶᠢᠮᠦ ᠡᠴᠡ ᠠᠯᠢᠪᠠ ᠶᠢ ᠵᠥᠪ ᠥᠨᠴᠥᠭ ᠡᠴᠡ ᠨᠢ᠂ ᠪᠣᠯᠬᠤ ᠪᠦᠲᠦᠬᠦ ᠲᠠᠯ᠎ᠠ ᠠᠴᠠ ᠨᠢ ᠬᠠᠷᠠᠵᠤ ᠪᠠᠢ ᠭᠡᠵᠦ ᠵᠠᠬᠢᠳᠠᠭ᠃ ᠡᠨᠡ ᠪᠣᠯ ᠰᠢᠨ᠎ᠡ ᠦᠶ᠎ᠡ ᠶᠢᠨ ᠮᠣᠩᠭᠣᠯᠴᠤᠳ ᠤᠨ ᠵᠢᠷᠦᠬᠡ ᠰᠡᠳᠬᠢᠯ ᠳᠦ ᠲᠥᠯᠥᠪᠰᠢᠬᠦ ᠶᠣᠰᠣᠲᠠᠢ ᠨᠢᠭᠡ ᠬᠠᠨᠳᠤᠯᠭ᠎ᠠ᠃
-ᠬᠡᠦᠬᠡᠳ ᠢᠶᠡᠨ ᠣᠨᠴᠠ ᠰᠤᠷᠣᠭᠠᠰᠠᠢ ᠭᠡᠵᠦ ᠬᠦᠰᠡᠵᠦ ᠪᠠᠶᠢᠪᠠᠯ ᠪᠠᠭᠰᠢ ᠶᠢ ᠨᠢ ᠬᠡᠵᠢᠶ᠎ᠡ ᠴᠤ ᠳᠡᠷᠭᠡᠳᠡ ᠨᠢ ᠮᠠᠭᠤᠯᠠᠵᠤ ᠪᠣᠯᠬᠤ ᠦᠭᠡᠢ ᠭᠡᠵᠦ ᠡᠴᠢᠭᠡ᠂ ᠡᠬᠡᠴᠦᠳ ᠲᠦ ᠵᠠᠬᠢᠳᠠᠭ᠃ ᠰᠤᠷᠤᠭᠴᠢᠳ ᠲᠤ ᠪᠠᠭᠰᠢ ᠪᠠᠨ ᠭᠡᠰᠡᠨ ᠬᠦᠨᠳᠦᠯᠡᠯ ᠢ ᠶᠠᠭᠠᠬᠢᠵᠤ ᠪᠤᠢ ᠪᠣᠯᠭᠠᠳᠠᠭ ᠪᠤᠢ︖
-ᠲᠡᠶᠢᠮᠦ ᠡ᠃ ᠶᠡᠬᠡ ᠵᠥᠪ ᠵᠠᠬᠢᠶᠠᠰᠤ᠃ ᠬᠡᠦᠬᠡᠳ ᠦᠨ ᠳᠡᠷᠭᠡᠳᠡ ᠪᠤᠰᠤᠳ ᠢ ᠮᠠᠭᠤᠯᠠᠬᠤ ᠰᠢᠭ ᠮᠠᠭᠤᠬᠠᠢ ᠵᠦᠢᠯ ᠪᠠᠶᠢᠬᠤ ᠦᠭᠡᠢ᠃ ᠨᠢᠭᠡ ᠬᠦᠮᠦᠨ ᠦ ᠳᠡᠷᠭᠡᠳᠡ ᠭᠤᠷᠪᠠᠳᠠᠭᠴᠢ ᠬᠦᠮᠦᠨ ᠢ ᠮᠠᠭᠤᠯᠠᠨ᠎ᠠ ᠭᠡᠳᠡᠭ ᠶᠣᠰᠣ ᠰᠤᠷᠲᠠᠬᠤᠨ ᠦᠭᠡᠢ ᠬᠡᠷᠡᠭ᠃ ᠡᠴᠢᠭᠡ᠂ ᠡᠬᠡ ᠨᠦᠭᠦᠳ ᠡᠭᠦᠨ ᠢ ᠠᠩᠬᠠᠷᠬᠤ ᠬᠡᠷᠡᠭᠲᠡᠢ᠃ ᠪᠠᠭᠰᠢ ᠨᠢ ᠪᠤᠷᠤᠭᠤ ᠵᠦᠢᠯ ᠬᠢᠪᠡᠯ ᠥᠪᠡᠷ ᠲᠦ ᠨᠢ ᠡᠰᠡᠪᠡᠯ ᠮᠧᠨᠧᠵᠧᠷ ᠲᠦ ᠨᠢ ᠬᠡᠯᠡᠬᠦ ᠬᠡᠷᠡᠭᠲᠡᠢ᠃ ᠡᠨᠡ ᠪᠣᠯ ᠶᠣᠰᠣ ᠰᠤᠷᠲᠠᠬᠤᠨ ᠤ ᠨᠠᠭᠠᠳᠤ ᠵᠠᠬ᠎ᠠ ᠶᠢᠨ ᠬᠡᠮᠵᠢᠭᠦᠷ᠃ ᠪᠠᠭᠰᠢ ᠬᠥᠮᠦᠨ ᠳ᠋ᠦ ᠬᠠᠮᠤᠭ ᠤᠨ ᠶᠡᠬᠡ ᠤᠷᠮ᠎ᠠ ᠥᠭᠴᠦ᠂ ᠬᠤᠷᠴᠠᠯᠠᠵᠤ ᠪᠠᠶᠢᠳᠠᠭ ᠬᠦᠮᠦᠰ ᠪᠣᠯ ᠡᠴᠢᠭᠡ᠂ ᠡᠬᠡᠴᠦᠳ᠃ ᠤᠷᠮ᠎ᠠ ᠶᠢ ᠨᠢ ᠬᠤᠭᠤᠯᠬᠤ ᠪᠠᠷ ᠤᠭᠤᠴᠠ ᠶᠢ ᠨᠢ ᠬᠤᠭᠤᠯ ᠭᠡᠵᠦ ᠮᠣᠩᠭᠣᠯ ᠦᠭᠡ ᠪᠤᠢ᠃ ᠡᠴᠢᠭᠡ᠂ ᠡᠬᠡᠴᠦᠳ ᠲᠦ ᠪᠢ ᠡᠨᠡ ᠦᠭᠡ ᠶᠢ ᠯᠠ ᠬᠡᠯᠡᠮᠡᠷ ᠪᠠᠶᠢᠨ᠎ᠠ᠃
ᠲᠦᠮᠡᠲᠦ ᠰᠢᠨ᠎ᠡ ᠬᠥᠷᠪᠡᠭᠦᠯᠪᠡ
5
0