ᠠᠮᠵᠢᠯᠲᠠ ᠳ᠋ᠤ ᠬᠦᠷᠦᠭᠰᠡᠨ ᠬᠥᠮᠦᠨ ᠤ ᠰᠤᠷᠭᠠᠮᠵᠢ
ᠠᠮᠵᠢᠯᠲᠠ ᠳ᠋ᠤ ᠬᠦᠷᠦᠭᠰᠡᠨ ᠬᠥᠮᠦᠨ ᠤ ᠰᠤᠷᠭᠠᠮᠵᠢ
9228
2018-11-03 11:07
发表于:内蒙古
ᠳᠥᠩᠭᠡᠵᠢ 56 ᠨᠠᠰᠤᠨ ᠳᠤ ᠪᠠᠨ ᠨᠣᠶᠢᠷ ᠪᠤᠯᠴᠢᠷᠬᠠᠢ ᠶᠢᠨ ᠬᠠᠪᠤᠳᠠᠷ ᠠᠴᠠ ᠪᠣᠯᠵᠤ ᠠᠮᠢ ᠪᠠᠨ ᠠᠯᠳᠠᠭᠰᠠᠨ ᠰᠲ᠋ᠢᠸ ᠵᠣᠪᠰ ᠨᠠᠰᠤ ᠪᠠᠷᠠᠬᠤ ᠶᠢᠨ ᠢᠶᠠᠨ ᠡᠮᠦᠨ᠎ᠡ ᠡᠪᠡᠳᠴᠢᠲᠡᠨ ᠦ ᠣᠷᠣᠨ ᠳᠤ ᠬᠡᠪᠲᠡᠵᠦ ᠪᠠᠶᠢᠬᠤ ᠳᠤ ᠪᠠᠨ ᠰᠡᠭᠦᠯᠴᠢ ᠶᠢᠨ ᠦᠭᠡ ᠪᠣᠯᠭᠠᠨ ᠳᠠᠷᠠᠭᠠᠬᠢ ᠵᠦᠢᠯᠡᠰ ᠢ ᠲᠠ ᠪᠢᠳᠡᠨ ᠳᠦ ᠵᠠᠬᠢᠶᠠᠰᠤ ᠪᠣᠯᠭᠠᠵᠠᠢ᠃
ᠪᠢ ᠪᠢᠽᠨ᠋ᠧᠰ ᠦᠨ ᠶᠢᠷᠲᠢᠨᠴᠦ ᠶᠢᠨ ᠣᠷᠭᠢᠯ ᠳᠡᠭᠡᠷ᠎ᠡ ᠭᠠᠷᠴᠤ ᠴᠢᠳᠠᠭᠰᠠᠨ᠃ ᠪᠤᠰᠤᠳ ᠤᠨ ᠨᠢᠳᠦᠨ ᠳᠦ ᠮᠢᠨᠦ ᠠᠵᠢᠯ᠂ ᠠᠮᠢᠳᠤᠷᠠᠯ ᠠᠮᠵᠢᠯᠲᠠ ᠶᠢᠨ ᠫᠤᠤᠵᠢᠩ ᠰᠢᠭ ᠯᠠ ᠬᠠᠷᠠᠭᠳᠠᠳᠠᠭ᠃ ᠪᠢᠽᠨ᠋ᠧᠰ ᠢ ᠮᠠᠨᠢ ᠡᠰᠡ ᠲᠣᠭᠠᠴᠠᠪᠠᠯ ᠬᠤᠪᠢ ᠶᠢᠨ ᠠᠮᠢᠳᠤᠷᠠᠯ ᠮᠠᠨᠢ ᠵᠢᠷᠭᠠᠯ ᠲᠠᠢ ᠪᠠᠶᠢᠭ᠎ᠠ ᠦᠭᠡᠢ᠃ ᠡᠨᠡ ᠪᠦᠬᠦᠨ ᠦ ᠡᠴᠦᠰ ᠲᠦ ᠡᠳ᠋ ᠪᠠᠶᠠᠯᠢᠭ᠂ ᠮᠥᠩᠭᠥ ᠬᠥᠷᠥᠩᠭᠡ ᠳᠦ ᠪᠢ 《ᠳᠣᠩᠲᠣᠵᠤ》᠂ ᠡᠳᠡᠭᠡᠷ ᠢ ᠠᠮᠢᠳᠤᠷᠠᠯ ᠤᠨ ᠵᠣᠷᠢᠯᠭ᠎ᠠ ᠪᠣᠯᠭᠠᠨ ᠬᠠᠯᠲᠤᠷᠢᠭᠰᠠᠨ ᠪᠠᠶᠢᠵᠠᠢ ᠭᠡᠳᠡᠭ ᠢᠶᠡᠨ ᠣᠶᠢᠯᠠᠭᠠᠯ᠎ᠠ᠃
ᠶᠠᠭ ᠣᠳᠣ ᠪᠢ ᠬᠦᠨᠳᠦ ᠡᠪᠡᠳᠴᠢᠨ ᠦ ᠤᠯᠠᠮ ᠠᠴᠠ ᠡᠮᠨᠡᠯᠭᠡ ᠶᠢᠨ ᠣᠷᠣᠨ ᠳᠡᠭᠡᠷ᠎ᠡ ᠥᠩᠭᠡᠷᠡᠭᠰᠡᠨ ᠠᠮᠢᠳᠤᠷᠠᠯ ᠢᠶᠠᠨ ᠴᠡᠩᠨᠡᠨ ᠬᠡᠪᠲᠡᠵᠦ ᠪᠠᠶᠢᠨ᠎ᠠ᠃ ᠭᠠᠷᠴᠠᠭ᠎ᠠ ᠦᠭᠡᠢ ᠦᠬᠦᠯ ᠦᠨ ᠡᠮᠦᠨ᠎ᠡ ᠮᠢᠨᠦ ᠠᠮᠵᠢᠯᠲᠠ᠂ ᠡᠳ᠋ ᠬᠥᠷᠥᠩᠭᠡ᠂ ᠪᠢᠽᠨ᠋ᠧᠰ ᠦᠨ ᠪᠠᠬᠠᠷᠬᠠᠯ ᠶᠠᠮᠠᠷ ᠴᠤ ᠦᠨ᠎ᠡ ᠴᠡᠨ᠎ᠡ ᠦᠭᠡᠢ᠂ ᠤᠳᠬ᠎ᠠ ᠤᠴᠢᠷ ᠦᠭᠡᠢ ᠭᠡᠳᠡᠭ ᠢ ᠮᠡᠳᠡᠯ᠎ᠡ᠃
ᠮᠠᠭᠠᠳ ᠦᠭᠡᠢ ᠴᠢ ᠮᠥᠩᠭᠥᠲᠡᠢ ᠪᠣᠯ ᠬᠡᠨ ᠨᠢᠭᠡᠨ ᠢ ᠬᠥᠯᠥᠰᠥᠯᠡᠭᠡᠳ ᠵᠢᠯᠣᠭᠣᠴᠢ ᠪᠠᠨ ᠬᠢᠯᠭᠡᠨ ᠳᠤᠷᠠᠲᠠᠢ ᠵᠦᠭ ᠲᠦ ᠪᠡᠨ ᠠᠶᠠᠯᠠᠵᠤ ᠴᠢᠳᠠᠬᠤ ᠪᠣᠯ ᠶᠠᠮᠠᠷ ᠴᠤ ᠶᠡᠬᠡ ᠮᠥᠩᠭᠥ ᠲᠡᠢ ᠪᠠᠶᠢᠭᠰᠠᠨ ᠡᠪᠡᠳᠴᠢᠨ ᠢᠶᠡᠨ ᠬᠡᠨ ᠨᠢᠭᠡ ᠬᠥᠮᠦᠨ ᠳᠦ ᠳᠠᠮᠵᠢᠭᠤᠯᠤᠨ ᠡᠪᠡᠳᠦᠯᠲᠡ᠂ ᠦᠬᠦᠯ ᠡᠴᠡ ᠵᠢᠭᠤᠲᠠᠭᠠᠬᠤ ᠪᠣᠯᠤᠮᠵᠢ ᠦᠭᠡᠢ᠃
ᠮᠠᠲ᠋ᠧᠷᠢᠶᠠᠯᠢᠭ ᠡᠳ᠋ ᠬᠥᠷᠥᠩᠭᠡ ᠪᠡᠨ ᠲᠠ ᠠᠯᠳᠠᠭᠰᠠᠨ ᠪᠣᠯ ᠳᠠᠷᠠᠭ᠎ᠠ ᠨᠢ ᠤᠯᠬᠤ᠂ ᠪᠦᠷ ᠰᠢᠨ᠎ᠡ ᠪᠡᠷ ᠪᠦᠲᠦᠭᠡᠬᠦ ᠪᠣᠯᠤᠮᠵᠢ ᠲᠠᠢ᠃ ᠭᠡᠪᠡᠴᠦ ᠬᠡᠵᠢᠶ᠎ᠡ ᠴᠤ ᠪᠤᠴᠠᠭᠠᠵᠤ ᠠᠪᠴᠤ ᠴᠢᠳᠠᠳᠠᠭ ᠦᠭᠡᠢ ᠵᠦᠢᠯ ᠪᠣᠯ ᠬᠦᠮᠦᠨ ᠦ ᠡᠷᠡᠭᠦᠯ ᠮᠡᠨᠳᠦ ᠠᠮᠢᠳᠤᠷᠠᠯ ᠶᠤᠮ᠃
ᠮᠡᠰᠡ ᠵᠠᠰᠠᠯ ᠤᠨ ᠬᠠᠭᠠᠯᠭᠠᠨ ᠤ ᠥᠷᠥᠭᠡ ᠳᠦ ᠣᠷᠣᠭᠠᠳ ᠶᠠᠮᠠᠷ ᠴᠤ ᠬᠦᠮᠦᠨ ᠠᠮᠢᠳᠤᠷᠠᠯ ᠳᠤ ᠪᠠᠨ ᠨᠢᠭᠡ ᠨᠣᠮ ᠢ ᠵᠠᠪᠠᠯ ᠤᠩᠰᠢᠭᠰᠠᠨ ᠪᠠᠶᠢᠬᠤ ᠶᠣᠰᠣᠲᠠᠢ ᠪᠠᠨ ᠣᠶᠢᠯᠠᠭᠠᠳᠠᠭ ᠶᠤᠮ ᠪᠠᠶᠢᠨ᠎ᠠ᠃ ᠲᠡᠷᠡ ᠪᠣᠯ 《ᠡᠷᠡᠭᠦᠯ ᠠᠮᠢᠳᠤᠷᠠᠬᠤᠢ》 ᠶᠢᠨ ᠲᠤᠬᠠᠢ ᠨᠣᠮ᠃ ᠬᠥᠭᠰᠢᠨ᠂ ᠵᠠᠯᠠᠭᠤ᠂ ᠡᠷᠡᠭᠦᠯ᠂ ᠡᠪᠡᠳᠴᠢᠲᠡᠢ ᠶᠠᠮᠠᠷ ᠴᠤ ᠪᠠᠢ ᠲᠠᠨ ᠳᠤ ᠨᠢᠭᠡ ᠯᠠ ᠡᠳᠦᠷ ᠡᠶᠢᠮᠦ ᠦᠶ᠎ᠡ ᠢᠷᠡᠨ᠎ᠡ᠃
ᠭᠡᠷ ᠪᠦᠯᠢ᠂ ᠨᠠᠶᠢᠵᠠ ᠨᠥᠬᠥᠳ ᠦᠨ ᠢᠶᠡᠨ ᠬᠠᠶᠢᠷ᠎ᠠ ᠶᠢ ᠦᠨᠡᠲᠦ ᠡᠷᠳᠡᠨᠢᠰ ᠮᠡᠲᠦ ᠨᠠᠨᠳᠢᠩᠨᠠᠵᠤ ᠶᠠᠪᠤᠭᠠᠷᠠᠢ᠃ ᠮᠥᠨ ᠥᠪᠡᠷ ᠢ ᠪᠡᠨ ᠬᠦᠨᠳᠦᠯᠡᠵᠦ᠂ ᠬᠠᠶᠢᠷᠠᠯᠠᠬᠤ ᠶᠢᠨ ᠰᠠᠴᠠᠭᠤ ᠪᠤᠰᠤᠳ ᠲᠤ ᠤᠷᠮ᠎ᠠ ᠥᠭᠴᠦ᠂ ᠳᠡᠮᠵᠢᠵᠦ ᠠᠮᠢᠳᠤᠷᠠᠭᠠᠷᠠᠢ᠃
ᠨᠠᠰᠤ ᠨᠡᠮᠡᠬᠦ ᠲᠤᠰᠤᠮ ᠪᠢᠳᠡ ᠬᠣᠷᠸ᠎ᠠ ᠶᠢ ᠠᠷᠠᠢ ᠥᠭᠡᠷ᠎ᠡ ᠨᠢᠳᠦ ᠪᠡᠷ ᠬᠠᠷᠠᠵᠤ ᠡᠬᠢᠯᠡᠳᠡᠭ᠃ ᠶᠠᠪᠤᠭᠠᠨ ᠳᠠᠭᠠᠨ ᠴᠢ᠂
300 ᠳ᠋ᠣᠯᠯᠠᠷ ᠤᠨ ᠴᠠᠭ ᠢᠶᠠᠷ ᠭᠠᠩᠭᠠᠷᠠᠭᠰᠠᠨ ᠴᠤ᠂ 30 ᠳ᠋ᠣᠯᠯᠠᠷ ᠤᠨ ᠴᠠᠭ ᠵᠡᠭᠦᠭᠰᠡᠨ ᠴᠤ ᠲᠡᠳᠡ ᠨᠢᠭᠡ ᠯᠠ ᠴᠠᠭ ᠬᠤᠭᠤᠴᠠᠭ᠎ᠠ ᠶᠢ ᠵᠢᠭᠠᠳᠠᠭ ᠭᠡᠳᠡᠭ ᠢ ᠣᠶᠢᠯᠠᠭᠠᠨ᠎ᠠ᠃
300 ᠳ᠋ᠣᠯᠯᠠᠷ ᠤᠨ ᠬᠡᠲᠡᠪᠴᠢ ᠪᠡᠷ ᠭᠠᠩᠭᠠᠷᠠᠭᠰᠠᠨ ᠴᠤ᠂ 30 ᠳ᠋ᠣᠯᠯᠠᠷ ᠤᠨ ᠲᠦᠷᠡᠶᠢᠪᠴᠢ ᠠᠪᠤᠭᠰᠠᠨ ᠴᠤ ᠳᠣᠲᠣᠷᠠᠬᠢ ᠮᠥᠩᠭᠥ ᠲᠠᠨᠢ ᠥᠭᠡᠷᠡᠴᠢᠯᠡᠭᠳᠡᠳᠡᠭ ᠦᠭᠡᠢ ᠭᠡᠳᠡᠭ ᠢ ᠮᠡᠳᠡᠳᠡᠭ ᠪᠣᠯᠤᠨ᠎ᠠ᠃
150 ᠮᠢᠩᠭᠠᠨ ᠳ᠋ᠣᠯᠯᠠᠷ ᠤᠨ ᠮᠠᠰᠢᠨ ᠠᠪᠤᠭᠰᠠᠨ ᠴᠤ᠂ 30 ᠮᠢᠩᠭᠠᠨ ᠳ᠋ᠣᠯᠯᠠᠷ ᠤᠨ ᠮᠠᠰᠢᠨ ᠤᠨᠤᠭᠰᠠᠨ ᠴᠤ ᠨᠢᠭᠡ ᠯᠠ ᠵᠦᠭ ᠤᠷᠤᠭᠤ ᠨᠢᠭᠡ ᠯᠠ ᠵᠠᠮ ᠢᠶᠠᠷ ᠶᠠᠪᠤᠳᠠᠭ ᠭᠡᠳᠡᠭ ᠢᠶᠡᠨ ᠤᠬᠠᠭᠠᠷᠠᠬᠤ ᠪᠣᠯᠤᠨ᠎ᠠ᠃
300 ᠳ᠋ᠣᠯᠯᠠᠷ ᠤᠨ ᠳᠠᠷᠠᠰᠤ ᠬᠠᠨᠲᠠᠯ᠎ᠠ ᠪᠠᠨ ᠬᠦᠷᠲᠡᠭᠰᠡᠨ ᠴᠤ᠂ 30 ᠳ᠋ᠣᠯᠯᠠᠷ ᠤᠨ ᠳᠠᠷᠠᠰᠤ ᠵᠠᠯᠭᠢᠯᠠᠭᠰᠠᠨ ᠲᠠᠢ ᠠᠳᠠᠯᠢᠬᠠᠨ ᠰᠢᠷᠠᠳᠤᠳᠠᠭ ᠭᠡᠳᠡᠭ ᠢ ᠮᠡᠳᠡᠳᠡᠭ ᠪᠣᠯᠤᠨ᠎ᠠ᠃
300 ᠮᠧᠲ᠋ᠷ ᠺᠦᠸᠠᠳ᠋ ᠬᠠᠷᠰᠢ ᠳᠤ ᠠᠮᠢᠳᠤᠷᠠᠭᠰᠠᠨ ᠴᠤ᠂ 30 ᠮᠧᠲ᠋ᠷ ᠺᠦᠸᠠᠳ᠋ ᠪᠠᠶᠢᠷᠢᠨ ᠳᠤ ᠣᠷᠣᠭᠰᠠᠨ ᠴᠤ ᠥᠪᠡᠷ ᠢᠶᠡᠨ ᠯᠠ ᠬᠢᠴᠢᠶᠡᠬᠦ ᠦᠭᠡᠢ ᠪᠣᠯ ᠭᠠᠭᠴᠠᠭᠠᠷᠳᠠᠯ ᠭᠡᠳᠡᠭ ᠡᠴᠡ ᠰᠠᠯᠵᠤ ᠴᠢᠳᠠᠬᠤ ᠦᠭᠡᠢ ᠭᠡᠳᠡᠭ ᠢᠶᠡᠨ ᠤᠶᠢᠯᠠᠭᠠᠬᠤ ᠪᠣᠯᠤᠨ᠎ᠠ᠃
ᠠᠵᠠ ᠵᠢᠷᠭᠠᠯ ᠮᠠᠲ᠋ᠧᠷᠢᠶᠠᠯᠯᠢᠭ ᠪᠠᠶᠠᠯᠢᠭ ᠠᠴᠠ ᠢᠷᠡᠳᠡᠭ ᠦᠭᠡᠢ ᠭᠡᠳᠡᠭ ᠢ ᠮᠡᠳᠡᠳᠡᠭ ᠪᠣᠯᠤᠨ᠎ᠠ᠃ ᠪᠢᠽᠨ᠋ᠧᠰ ᠪᠠ ᠡᠩ ᠦᠨ ᠠᠩᠭᠢᠯᠠᠯ ᠢᠶᠠᠷ ᠨᠢᠰᠴᠦ ᠪᠠᠶᠢᠭᠰᠠᠨ ᠴᠤ ᠣᠩᠭᠣᠴᠠ ᠰᠦᠢᠷᠡᠬᠦ ᠦᠶ᠎ᠡ ᠳᠦ ᠶᠠᠮᠠᠷ ᠴᠤ 《ᠢᠯᠭᠠᠭ᠎ᠠ》 ᠪᠠᠶᠢᠳᠠᠭ ᠦᠭᠡᠢ᠃
ᠲᠡᠶᠢᠮᠦ ᠡᠴᠡ ᠲᠠᠨ ᠳᠤ ᠦᠵᠡᠯ ᠪᠣᠳᠣᠯ ᠢᠶᠠᠨ ᠬᠤᠪᠢᠶᠠᠯᠴᠠᠳᠠᠭ ᠵᠢᠩᠬᠢᠨᠢ ᠨᠠᠶᠢᠵᠠ ᠨᠤᠭᠤᠳ᠂ ᠢᠨᠢᠶᠡᠵᠦ ᠬᠥᠬᠦᠷᠡᠯᠴᠡᠳᠡᠭ ᠬᠠᠭᠤᠴᠢᠨ ᠤ ᠲᠠᠨᠢᠯ ᠤᠳ᠂ ᠳᠠᠭᠤᠯᠠᠯᠳᠤᠨ ᠬᠥᠭᠵᠢᠯᠳᠦᠳᠡᠭ ᠠᠬ᠎ᠠ᠂ ᠡᠭᠡᠴᠢ ᠪᠠᠶᠢᠭ᠎ᠠ ᠪᠣᠯ ᠲᠠ ᠡᠨᠡ ᠳᠡᠯᠡᠬᠡᠢ ᠶᠢᠨ ᠬᠠᠮᠤᠭ ᠤᠨ ᠠᠵᠠ ᠵᠢᠷᠭᠠᠯ ᠲᠠᠢ ᠬᠦᠮᠦᠨ᠃
ᠲᠣᠭᠣᠷᠢᠵᠤ ᠭᠠᠷᠴᠤ ᠪᠣᠯᠤᠮ᠎ᠠ ᠦᠭᠡᠢ ᠠᠮᠢᠳᠤᠷᠠᠯ ᠤᠨ ᠲᠠᠪᠤᠨ ᠱᠤᠭᠤᠮ ᠄
1 ᠳ᠋ᠤ ᠬᠡᠦᠬᠡᠳ ᠢᠶᠡᠨ ᠪᠠᠶᠠᠨ ᠬᠦᠮᠦᠨ ᠪᠣᠯ ᠭᠡᠵᠦ ᠪᠤᠤ ᠰᠤᠷᠭᠠᠵᠤ ᠬᠦᠮᠦᠵᠢᠭᠦᠯ᠃ ᠲᠡᠳᠡᠨ ᠢ ᠪᠡᠨ ᠠᠵᠠ ᠵᠢᠷᠭᠠᠯ ᠲᠠᠢ ᠪᠣᠯᠭᠠᠬᠤ ᠶᠢᠨ ᠲᠤᠯᠠ ᠰᠣᠶᠣᠨ ᠭᠡᠭᠡᠷᠡᠭᠦᠯ᠃ ᠢᠩᠭᠢᠵᠦ ᠴᠢᠳᠠᠪᠠᠯ ᠲᠡᠳᠡ ᠢᠷᠡᠭᠡᠳᠦᠢ ᠳᠦ ᠮᠠᠲ᠋ᠧᠷᠢᠶᠠᠯᠯᠢᠭ ᠵᠦᠢᠯᠡᠰ ᠦᠨ ᠦᠨ᠎ᠡ ᠥᠷᠲᠡᠭ ᠢ ᠪᠢᠰᠢ ᠠᠮᠢᠳᠤᠷᠠᠯ ᠤᠨ ᠦᠨ᠎ᠡ ᠴᠡᠨ᠎ᠡ ᠶᠢ ᠮᠡᠳᠡᠳᠡᠭ ᠨᠢᠭᠡᠨ ᠪᠣᠯᠤᠨ᠎ᠠ᠃
2 ᠲᠤ ᠨᠢᠭᠡᠨ ᠠᠯᠳᠠᠷᠲᠠᠢ ᠡᠰᠢᠯᠡᠯ ᠪᠠᠶᠢᠳᠠᠭ᠃ 《ᠬᠣᠭᠣᠯᠠ ᠪᠠᠨ ᠡᠮ ᠮᠡᠲᠦ ᠢᠳᠡ᠃ ᠡᠰᠡ ᠪᠥᠭᠡᠰᠦ ᠡᠮ ᠢ ᠬᠣᠭᠣᠯᠠ ᠮᠡᠲᠦ ᠬᠡᠷᠡᠭᠯᠡᠳᠡᠭ ᠪᠣᠯᠤᠨ᠎ᠠ》
3 ᠳ᠋ᠤ ᠬᠡᠨ ᠨᠢᠭᠡᠨ ᠦ ᠬᠠᠶᠢᠷ᠎ᠠ ᠶᠢ ᠲᠠᠲᠠᠵᠤ ᠬᠠᠶᠢᠷᠠᠯᠠᠭᠳᠠᠵᠤ ᠴᠢᠳᠠᠭᠰᠠᠨ ᠯᠠ ᠪᠣᠯ ᠲᠠ ᠬᠡᠵᠢᠶ᠎ᠡ ᠴᠤ ᠭᠠᠭᠴᠠᠭᠠᠷᠳᠠᠬᠤ ᠦᠭᠡᠢ᠃ ᠲᠠᠨ ᠢ ᠬᠠᠶᠠᠬᠤ 100 ᠰᠢᠯᠲᠠᠭ ᠪᠠᠶᠢᠭᠰᠠᠨ ᠴᠤ ᠬᠠᠶᠠᠬᠤ ᠦᠭᠡᠢ ᠪᠠᠶᠢᠬᠤ ᠭᠠᠭᠴᠠ ᠰᠢᠯᠲᠠᠭᠠᠨ ᠪᠠᠶᠢᠬᠤ ᠳᠤ ᠬᠠᠩᠭᠠᠯᠲᠠ ᠲᠠᠢ ᠪᠠᠶᠢᠳᠠᠭ᠃
4 ᠳ᠋ᠤ ᠬᠦᠮᠦᠨ ᠪᠠᠶᠢᠬᠤ ᠪᠠ ᠬᠦᠮᠦᠨ ᠰᠢᠭ ᠪᠠᠶᠢᠬᠤ ᠶᠢᠨ ᠬᠣᠭᠣᠷᠣᠨᠳᠣ ᠠᠰᠤᠷᠤ ᠲᠣᠮᠣ ᠢᠯᠭᠠᠭ᠎ᠠ ᠪᠠᠶᠢᠳᠠᠭ᠃ ᠮᠠᠰᠢ ᠴᠥᠭᠡᠨ ᠬᠦᠮᠦᠨ ᠡᠭᠦᠨ ᠢ ᠣᠶᠢᠯᠠᠭᠠᠵᠤ ᠮᠡᠳᠡᠷᠡᠳᠡᠭ᠃
5 ᠳ᠋ᠤ ᠲᠥᠷᠥᠬᠦ ᠡᠴᠡ ᠠᠪᠬᠠᠭᠤᠯᠤᠭᠠᠳ ᠨᠠᠰᠤ ᠪᠠᠷᠠᠬᠤ ᠬᠦᠷᠲᠡᠯ᠎ᠡ ᠲᠠᠨ ᠢ ᠬᠠᠶᠢᠷᠠᠯᠠᠬᠤ ᠬᠦᠮᠦᠰ ᠪᠠᠶᠢᠳᠠᠭ᠃ ᠭᠡᠬᠦ ᠳᠦ ᠪᠡᠨ ᠡᠨᠡ ᠪᠦᠬᠦᠨ ᠲᠠᠨ ᠠᠴᠠ ᠰᠢᠭᠤᠳ ᠬᠠᠮᠢᠶᠠᠷᠳᠠᠭ ᠭᠡᠳᠡᠭ ᠢ ᠪᠤᠤ ᠮᠠᠷᠲᠠᠭᠠᠷᠠᠢ᠃
ᠬᠤᠷᠳᠤᠨ ᠶᠠᠪᠤᠶ᠎ᠠ ᠭᠡᠪᠡᠯ ᠭᠠᠭᠴᠠᠭᠠᠷ ᠢᠶᠠᠨ᠂ ᠬᠣᠯᠠ ᠶᠠᠪᠤᠶ᠎ᠠ ᠭᠡᠪᠡᠯ ᠣᠯᠠᠭᠤᠯᠠ ᠪᠠᠨ ᠶᠠᠪᠤ ᠭᠡᠳᠡᠭ ᠵᠦᠢᠷ ᠰᠡᠴᠡᠨ ᠦᠭᠡ ᠪᠠᠶᠢᠳᠠᠭ᠃
ᠳᠡᠯᠡᠬᠡᠢ ᠶᠢᠨ ᠬᠠᠮᠤᠭ ᠤᠨ ᠰᠢᠯᠢᠳᠡᠭ ᠵᠢᠷᠭᠤᠭᠠᠨ ᠡᠮᠴᠢ ᠪᠣᠯ᠄
1 ᠳ᠋ᠤ ᠨᠠᠷᠠᠨ ᠤ ᠭᠡᠷᠡᠯ
2 ᠲᠤ ᠠᠮᠠᠷᠠᠯᠲᠠ
3 ᠳ᠋ᠤ ᠳᠠᠰᠬᠠᠯ ᠬᠥᠳᠡᠯᠭᠡᠭᠡᠨ
4 ᠳ᠋ᠤ ᠡᠷᠡᠭᠦᠯ ᠬᠣᠭᠣᠯᠠᠯᠠᠯᠲᠠ
5 ᠳ᠋ᠤ ᠥᠪᠡᠷᠲᠡᠭᠡᠨ ᠢᠲᠡᠭᠡᠬᠦ ᠢᠲᠡᠭᠡᠯ᠂ ᠡᠮᠦᠨ᠎ᠡ ᠪᠡᠨ ᠲᠠᠯᠪᠢᠭᠰᠠᠨ ᠵᠣᠷᠢᠯᠭ᠎ᠠ
6 ᠳ᠋ᠤ ᠨᠠᠶᠢᠵᠠ ᠨᠤᠭᠤᠳ
ᠪᠦᠬᠦᠢ ᠯᠠ ᠠᠮᠢᠳᠤᠷᠠᠯ ᠤᠨ ᠢᠶᠠᠨ ᠲᠤᠷᠰᠢ ᠡᠳᠡᠭᠡᠷ ᠢ ᠰᠠᠨᠠᠵᠤ᠂ ᠥᠪᠡᠷ ᠦᠨ ᠤᠬᠠᠭᠠᠨ ᠢᠶᠠᠷ ᠡᠷᠡᠭᠦᠯ ᠪᠠᠰᠠ ᠵᠢᠷᠭᠠᠯ ᠲᠠᠢ ᠠᠮᠢᠳᠤᠷᠠᠯ ᠢᠶᠠᠨ ᠴᠣᠭᠴᠠᠯᠠᠭᠠᠭᠠᠷᠠᠢ᠃ ᠪᠤᠷᠬᠠᠨ ᠲᠠᠨ ᠢ ᠥᠷᠥᠰᠢᠶᠡᠬᠦ ᠪᠣᠯᠲᠤᠭᠠᠢ᠃
8 0