ᠰᠢᠭᠦᠮᠵᠢ
ᠯ ∙ ᠲᠦᠳᠦᠪ 《 ᠣᠷᠣᠢ ᠦᠭᠡᠢ ᠰᠦᠮ᠎ᠡ》 ᠷᠣᠮᠠᠨ (ᠰᠢᠨ᠎ᠡ ᠬᠡᠪᠯᠡᠯ)
ᠯ ∙ ᠲᠦᠳᠦᠪ 《 ᠣᠷᠣᠢ ᠦᠭᠡᠢ ᠰᠦᠮ᠎ᠡ》 ᠷᠣᠮᠠᠨ (ᠰᠢᠨ᠎ᠡ ᠬᠡᠪᠯᠡᠯ)
5284
2018-12-19 19:42
发表于:内蒙古
ᠯ ∙ ᠲᠦᠳᠦᠪ 《 ᠣᠷᠣᠢ ᠦᠭᠡᠢ ᠰᠦᠮ᠎ᠡ》 ᠷᠣᠮᠠᠨ (ᠰᠢᠨ᠎ᠡ ᠬᠡᠪᠯᠡᠯ)
ᠮᠠᠨ ᠤ ᠬᠦᠦᠷᠨᠢᠯ ᠵᠣᠬᠢᠶᠠᠯ ᠤᠨ ᠬᠣᠷᠢᠳᠤᠭᠠᠷ ᠵᠠᠭᠤᠨ ᠤ ᠮᠠᠩᠯᠠᠢ ᠪᠦᠲᠦᠭᠡᠯ ᠦᠨ ᠨᠢᠭᠡ᠂ ᠭᠦᠨ ᠤᠬᠠᠭᠠᠨ ᠰᠡᠳᠬᠢᠯ ᠵᠦᠢ ᠶᠢᠨ ᠭᠠᠶᠢᠬᠠᠮᠰᠢᠭᠲᠤ ᠲᠤᠭᠤᠷᠪᠢᠯ ᠯ ∙ ᠲᠦᠳᠦᠪ ᠦᠨ 《ᠣᠷᠣᠢ ᠦᠭᠡᠢ ᠰᠦᠮ᠎ᠡ》 ᠷᠣᠮᠠᠨ ᠤ ᠴᠣ ᠰᠢᠨᠡᠬᠡᠨ ᠬᠡᠪᠯᠡᠯ ᠢ ᠣᠯᠵᠤ ᠠᠪᠤᠭᠰᠠᠨ ᠳᠤ ᠪᠠᠨ ᠲᠤᠶᠢᠯ ᠤᠨ ᠪᠠᠶᠠᠷᠲᠠᠢ ᠪᠠᠶᠢᠨ᠎ᠠ᠃ ᠤᠷᠠᠨ ᠰᠡᠳᠬᠢᠮᠵᠢ᠂ ᠠᠳᠠᠯ ᠰᠣᠨᠢᠨ ᠶᠠᠪᠤᠳᠠᠯ ᠢᠶᠠᠷ ᠨᠡᠩ ᠪᠠᠶᠠᠯᠢᠭ ᠠᠴᠠ ᠭᠠᠳᠠᠨ᠎ᠠ᠂ ᠲᠤᠬᠠᠢ ᠶᠢᠨ ᠦᠶ᠎ᠡ ᠶᠢᠨ ᠲᠦᠪᠡᠳ ᠣᠷᠣᠨ ᠤ ᠪᠣᠳᠠᠲᠤ ᠪᠠᠶᠢᠳᠠᠯ᠂ ᠱᠠᠰᠢᠨ ᠤ ᠳᠠᠮᠫᠤᠷᠠᠯ ᠢ ᠲᠤᠩ ᠴᠤ ᠦᠨᠡᠮᠰᠢᠯᠲᠡᠢ ᠲᠤᠰᠬᠠᠨ ᠦᠵᠡᠭᠦᠯᠦᠭᠰᠡᠨ ᠪᠠᠶᠢᠳᠠᠭ ᠪᠢᠯᠡ᠃
ᠱᠠᠰᠢᠨ ᠦᠭᠡᠢ ᠶᠢᠨ ᠦᠵᠡᠯ ᠢᠶᠡᠷ ᠪᠢᠴᠢᠭᠰᠡᠨ ᠪᠣᠯᠪᠠᠴᠤ ᠱᠠᠰᠢᠨ ᠤ ᠲᠠᠯ᠎ᠠ ᠪᠡᠷ ᠬᠢ ᠲᠠᠨᠢᠨ ᠮᠡᠳᠡᠬᠦᠢ ᠶᠢᠨ ᠵᠦᠢᠯᠡᠰ ᠢ ᠮᠠᠰᠢ ᠳᠡᠯᠭᠡᠷᠡᠩᠭᠦᠢ ᠣᠷᠣᠭᠤᠯᠵᠤ᠂ ᠬᠣᠭᠣᠰᠣᠨ ᠨᠣᠮᠯᠠᠯ ᠢ ᠦᠨᠡᠨ ᠪᠣᠳᠠᠲᠤ ᠠᠮᠢᠳᠤᠷᠠᠯ ᠢᠯᠠᠨ ᠭᠠᠷᠴᠤ ᠪᠠᠶᠢᠭ᠎ᠠ ᠶᠢ᠂ ᠪᠤᠷᠬᠠᠨ ᠤ ᠨᠣᠮ ᠰᠤᠷᠭᠠᠯ ᠭᠡᠳᠡᠭ ᠰᠤᠷᠤᠯᠴᠠᠵᠤ ᠦᠯᠦ ᠳᠠᠭᠤᠰᠬᠤ᠂ ᠣᠭᠲᠠᠷᠭᠤᠢ ᠶᠢᠨ ᠠᠭᠤᠳᠠᠮ ᠰᠢᠭ ᠬᠡᠮᠵᠢᠶ᠎ᠡ ᠬᠢᠵᠠᠭᠠᠷ ᠦᠭᠡᠢ ᠶᠢ᠂ ᠣᠷᠣᠢ ᠦᠭᠡᠢ ᠰᠦᠮ᠎ᠡ ᠮᠡᠲᠦ ᠳᠠᠭᠤᠰᠬᠠᠵᠤ ᠪᠠᠷᠠᠰᠢ ᠦᠭᠡᠢ ᠬᠦᠨᠳᠦ ᠬᠦᠴᠢᠷ ᠪᠣᠯᠬᠤ ᠶᠢ ᠣᠶᠢᠯᠠᠭᠠᠭᠤᠯᠬᠤ ᠭᠡᠵᠦ ᠬᠢᠴᠢᠶᠡᠭᠰᠡᠨ ᠮᠡᠲᠦ ᠰᠠᠨᠠᠭᠳᠠᠨ᠎ᠠ᠃
ᠥᠨᠥ ᠴᠤ ᠦᠨ᠎ᠡ ᠴᠡᠨ᠎ᠡ ᠲᠡᠢ ᠬᠡᠪ ᠢᠶᠡᠷ ᠪᠠᠶᠢᠭ᠎ᠠ ᠶᠢᠨ ᠤᠴᠢᠷ ᠨᠢ ᠤᠷᠢᠳᠤ ᠡᠮᠦᠨ᠎ᠡ ᠨᠢ ᠮᠠᠨ ᠤ ᠤᠳᠬ᠎ᠠ ᠵᠣᠬᠢᠶᠠᠯ ᠳᠤ ᠭᠠᠷᠴᠤ ᠪᠠᠶᠢᠭ᠎ᠠ ᠦᠭᠡᠢ ᠤᠷᠠᠨ ᠰᠠᠶᠢᠬᠠᠨ ᠤ ᠥᠨᠳᠥᠷ ᠲᠦᠪᠰᠢᠨ ᠦ ᠪᠦᠲᠦᠭᠡᠯ ᠪᠣᠯᠬᠣᠷ ᠲᠡᠷᠡ ᠶᠤᠮ᠃ ᠡᠷᠳᠡᠮ ᠮᠡᠳᠡᠯᠭᠡ ᠶᠢᠨ ᠣᠷᠣᠢ ᠳᠤ ᠨᠢ ᠭᠠᠷᠤᠭᠰᠠᠨ ᠰᠠᠨᠵᠢ ᠯᠠᠮᠠ᠂ ᠡᠭᠡᠯ ᠪᠣᠷᠣ ᠠᠮᠢᠳᠤᠷᠠᠯ ᠳᠤ ᠬᠥᠯ ᠠᠯᠳᠠᠨ ᠤᠨᠠᠭᠰᠠᠨ ᠲᠡᠷᠡ ᠡᠮᠭᠡᠨᠢᠯᠳᠦ ᠲᠡᠦᠬᠡ ᠶᠢ ᠤᠷᠠᠨ ᠢᠷᠠᠭᠤ ᠥᠭᠦᠯᠡᠬᠦ ᠳᠦ ᠪᠡᠨ᠂ ᠣᠯᠠᠨ ᠰᠣᠨᠢᠨ ᠦᠢᠯᠡ ᠶᠠᠪᠤᠳᠠᠯ ᠢ ᠰᠦᠯᠵᠢᠨ ᠤᠩᠰᠢᠭᠴᠢ ᠶᠢ ᠠᠯᠮᠠᠶᠢᠷᠠᠨ ᠭᠠᠶᠢᠬᠠᠲᠠᠯᠠ ᠪᠢᠴᠢᠵᠦ ᠴᠢᠳᠠᠭᠰᠠᠨ ᠶᠡᠷᠦ ᠪᠤᠰᠤ ᠶᠢᠨ ᠰᠠᠶᠢᠬᠠᠨ ᠵᠣᠬᠢᠶᠠᠯ ᠪᠢᠯᠡ᠃ ᠱᠠᠰᠢᠨ ᠤ ᠬᠣᠭᠣᠰᠣᠨ ᠨᠣᠮᠯᠠᠯ ᠪᠣᠳᠠᠲᠤ ᠠᠮᠢᠳᠤᠷᠠᠯ ᠳᠤ ᠶᠠᠮᠠᠷ ᠴᠤ ᠨᠡᠮᠡᠷᠢ ᠦᠭᠡᠢ ᠭᠡᠰᠡᠨ ᠵᠣᠬᠢᠶᠠᠭᠴᠢ ᠶᠢᠨ ᠰᠠᠨᠠᠭ᠎ᠠ ᠭᠣᠣᠯ ᠥᠭᠦᠯᠡᠮᠵᠢ ᠪᠥᠭᠡᠳ ᠥᠨᠥ ᠴᠤ ᠮᠠᠨ ᠤ ᠱᠠᠰᠢᠨ ᠤ ᠪᠠᠶᠢᠭ᠎ᠠ ᠪᠠᠶᠢᠳᠠᠯ ᠭᠡᠭᠡᠷᠡᠯ ᠤᠷᠤᠭᠤ ᠪᠢᠰᠢ᠂ ᠮᠤᠬᠤᠷ ᠰᠦᠰᠦᠭ᠂ ᠮᠤᠩᠬᠠᠷᠠᠯ ᠳᠣᠷᠣᠶᠢᠲᠠᠯ ᠤᠨ ᠵᠠᠮ ᠤᠷᠤᠭᠤ ᠭᠤᠯᠭᠤᠵᠤ ᠪᠠᠶᠢᠭ᠎ᠠ ᠨᠢ ᠪᠤᠷᠬᠠᠨ ᠤ ᠰᠤᠷᠭᠠᠯ ᠤᠨ ᠦᠨᠡᠲᠦ ᠵᠦᠢᠯᠡᠰ ᠠᠷᠠᠯᠵᠢᠶᠠᠨ ᠤ ᠰᠡᠳᠬᠢᠬᠦᠢ ᠳᠦ ᠳᠠᠷᠤᠯᠠᠭᠳᠠᠭᠰᠠᠨ ᠤ ᠬᠣᠣᠷ ᠤᠷᠰᠢᠭ ᠪᠢᠵᠡ ᠡ᠃
ᠰᠠᠶᠢᠨ ᠵᠣᠬᠢᠶᠠᠯ ᠤᠨ ᠬᠠᠮᠤᠭ ᠤᠨ ᠭᠣᠣᠯ ᠰᠢᠯᠭᠠᠭᠤᠷ ᠪᠣᠯ ᠴᠠᠭ ᠬᠤᠭᠤᠴᠠᠭ᠎ᠠ ᠥᠪᠡᠷ ᠢᠶᠡᠨ ᠶᠤᠮ᠃ ᠱᠠᠰᠢᠨ ᠦᠭᠡᠢ ᠶᠢᠨ ᠦᠶ᠎ᠡ ᠳᠦ ᠪᠢᠴᠢᠭᠳᠡᠭᠰᠡᠨ᠂ ᠱᠠᠰᠢᠨ ᠤ ᠡᠰᠡᠷᠭᠥ ᠦᠵᠡᠯ ᠢ ᠳᠡᠪᠰᠢᠭᠦᠯᠦᠨ ᠲᠠᠯᠪᠢᠵᠤ ᠪᠠᠶᠢᠭ᠎ᠠ ᠵᠣᠬᠢᠶᠠᠯ ᠪᠣᠯᠪᠠᠴᠤ ᠦᠵᠡᠯ ᠰᠤᠷᠲᠠᠯ ᠲᠠᠢ ᠬᠠᠮᠲᠤ ᠦᠶ᠎ᠡ ᠪᠠᠨ ᠥᠩᠭᠡᠷᠡᠭᠡᠯ ᠦᠭᠡᠢ᠂ ᠡᠨᠡ ᠴᠠᠭ ᠦᠶ᠎ᠡ ᠳᠦ ᠬᠦᠷᠴᠦ ᠢᠷᠡᠬᠦ ᠳᠦ ᠪᠡᠨ ᠱᠠᠰᠢᠨ ᠤ ᠳᠠᠮᠫᠤᠷᠠᠯ ᠤᠨ ᠬᠣᠣᠷ ᠨᠥᠯᠥᠭᠡ ᠶᠢ ᠲᠣᠳᠣ ᠲᠣᠮᠣᠷᠠᠭᠤᠨ ᠦᠵᠡᠭᠦᠯᠵᠦ ᠪᠠᠶᠢᠭ᠎ᠠ ᠭᠡᠳᠡᠭ ᠤᠳᠬ᠎ᠠ ᠪᠠᠷ ᠢᠶᠠᠨ ᠪᠠᠰᠠ ᠯᠠ ᠰᠢᠨ᠎ᠡ ᠰᠣᠳᠣᠨ ᠰᠠᠨᠠᠭ᠎ᠠ ᠨᠢ ᠬᠠᠭᠤᠴᠢᠷᠠᠭ᠎ᠠ ᠦᠭᠡᠢ ᠬᠡᠪ ᠢᠶᠡᠷ ᠢᠶᠡᠨ ᠯᠠ ᠪᠠᠶᠢᠨ᠎ᠠ ᠳ᠋ᠠ᠃ ᠡᠨᠡ ᠵᠣᠬᠢᠶᠠᠯ ᠤᠨ ᠲᠤᠬᠠᠢ 《ᠣᠷᠣᠢ ᠦᠭᠡᠢ ᠰᠥᠮ᠎ᠡ -ᠣᠶᠤᠨ ᠤ ᠡᠷᠢᠯ》 ᠪᠢᠴᠢᠪᠦᠷᠢ ᠳᠦ ᠪᠡᠨ ᠲᠣᠳᠣᠷᠬᠠᠢ ᠳᠤᠷᠠᠳᠤᠭᠰᠠᠨ ᠪᠠᠶᠢᠭ᠎ᠠ᠃
ᠬᠥᠬᠡ ᠲᠣᠯᠪᠣᠲᠤ ᠳ ∙ ᠲᠡᠮᠦᠷᠸᠴᠢᠷ᠃
7 0