ᠴᠠᠰᠤᠨᠠ ︵ ᠢᠷᠠᠭᠤ ᠨᠠᠢᠷᠠᠭ︶
※ 1 ᠂ ᠨᠠᠳᠠᠳᠤ ᠵᠢ ᠪᠠᠭᠠ ᠪᠠᠢᠬᠤ ᠳ᠋ᠦ᠍ ᠮᠢᠨᠤ ᠨᠤᠲᠤᠭ · ᠦᠵᠡᠰᠭᠦᠯᠡᠩᠲᠦ᠍ ᠰᠠᠢᠬᠠᠨ
ᠨᠤᠲᠤᠭ ᠂ ᠵᠢᠯ ᠦᠨ ᠳᠥᠷᠪᠡᠨ ᠤᠯᠠᠷᠢᠯ ᠲᠡᠭᠰᠢ ᠃
2 ᠂ ︽ ᠬᠣᠩᠬᠢᠯᠳᠣ ᠂ ᠣᠪᠤᠭᠠᠳᠣ ᠂ ᠨᠠᠷᠢᠨ ᠭᠣᠤᠯ ᠂ ᠮᠥᠷᠭᠦᠴᠡᠭ ︾ ᠪᠣᠯ ᠮᠠᠨ ᠤ
ᠣᠪᠣᠭᠠᠳᠣ ᠭᠠᠴᠠᠭᠠ ᠶᠢᠨ ᠭᠠᠵᠠᠷ ᠤᠨ ᠨᠡᠷᠡ ᠃
1848
2023-12-01 17:25
发表于:内蒙古
ᠴᠠᠰᠤᠨᠠ ︵ ᠢᠷᠠᠭᠤ ᠨᠠᠢᠷᠠᠭ︶
︱ ᠪ᠂ ᠷᠢᠨᠴᠢᠨ
ᠴᠢᠩᠨᠠᠨ ᠴᠢᠩᠨᠠᠨ ᠪᠠᠢᠵᠤ
ᠯᠠᠪᠰᠠ ᠬᠠᠶᠠᠯᠠᠭᠰᠠᠨ
ᠮᠥᠩᠭᠥᠨ ᠠᠭᠤᠯᠠ ᠳ᠋ᠦ᠍
ᠪᠤᠲᠠᠨ ᠤ ᠡᠩᠭᠡᠷ
ᠮᠢᠷᠠᠭᠰᠠᠨ ᠲᠠᠤᠯᠠᠢ
ᠴᠢᠬᠢ ᠰᠣᠯᠪᠢᠨᠠ ︔
ᠰᠢᠪᠡᠨᠡᠨ ᠰᠢᠪᠡᠨᠡᠨ ᠪᠠᠢᠵᠤ
ᠡᠷᠪᠡᠬᠡᠢ ᠴᠡᠴᠡᠭᠯᠡᠭᠰᠡᠨ
ᠴᠠᠭᠠᠨ ᠴᠠᠰᠤ ᠳ᠋ᠦ᠍
ᠬᠠᠳᠠᠨ ᠤ ᠦᠵᠦᠭᠦᠷ
ᠲᠡᠭᠦᠯᠢᠭᠰᠡᠨ ᠱᠣᠩᠬᠣᠷ
ᠬᠠᠷᠠᠭᠠ ᠰᠢᠷᠪᠢᠨᠡ ᠃
ᠴᠠᠢᠷᠠᠨ ᠴᠠᠢᠷᠠᠨ ᠪᠠᠢᠵᠣ
ᠴᠠᠩ ᠪᠤᠷᠴᠠᠭᠯᠠᠭᠰᠠᠨ
ᠴᠠᠢᠳᠠᠮ ᠲᠠᠯᠠ ᠳ᠋ᠦ᠍
ᠨᠠᠭᠤᠷ ᠤᠨ ᠭᠥᠪᠡᠭᠡ
ᠵᠢᠷᠭᠢᠭᠰᠡᠨ ᠪᠣᠯᠵᠣᠮᠣᠷ
ᠴᠠᠭᠠᠷᠢᠭ ᠪᠦᠷᠭᠦᠨᠡ ︔
ᠴᠠᠷᠭᠢᠨ ᠴᠠᠷᠭᠢᠨ ᠪᠠᠢᠵᠤ
ᠵᠡᠭᠡᠷᠡ ᠲᠠᠭᠰᠢᠭᠰᠠᠨ
ᠬᠣᠩᠬᠢᠯᠳᠦ ᠢ᠌᠌ᠨ ᠵᠥ᠋ ᠳ᠋ᠦ᠍
ᠵᠠᠮᠤᠭ ᠰᠣᠢᠭᠰᠠᠨ
ᠠᠪᠠ ᠢ᠌᠌ᠨ ᠫᠤᠤ
ᠲᠣᠮᠣᠭ ᠰᠠᠬᠢᠨᠠ ᠃
ᠨᠠᠬᠢᠯᠵᠡᠨ ᠨᠠᠬᠢᠯᠵᠠᠨ ᠪᠠᠢᠵᠤ
ᠬᠢᠮᠤᠷᠠᠭᠠ ᠴᠣᠮᠣᠯᠠᠭᠰᠠᠨ
ᠲᠡᠷᠡᠰᠣᠨ ᠨᠠᠮᠢᠶᠠ ᠳ᠋ᠦ᠍
ᠨᠠᠷᠠᠯᠠᠨ ᠨᠠᠷᠠᠯᠠᠨ ᠪᠠᠢᠵᠣ
ᠬᠣᠨᠢᠨ ᠰᠦᠷᠦᠭ
ᠨᠡᠯᠡᠢᠨ ᠪᠡᠯᠴᠢᠨᠡ ︔
ᠨᠡᠯᠣᠬᠡᠷᠬᠡᠨ ᠨᠡᠯᠦᠬᠡᠷᠬᠡᠨ ᠪᠠᠢᠵᠤ
ᠴᠠᠰᠤ ᠭᠦᠷᠯᠡᠭᠰᠡᠨ
ᠣᠪᠣᠭᠠᠲᠤ ᠢ᠌᠌ᠨ ᠬᠥᠨᠳᠡᠢ ᠳ᠋ᠦ᠍
ᠦᠣᠷᠰᠡᠬᠡᠨ ᠦᠣᠷᠰᠡᠬᠡᠨ ᠪᠠᠢᠵᠤ
ᠠᠳᠤᠭᠤᠨ ᠰᠦᠷᠦᠭ
ᠢᠳᠡᠰᠢᠯᠡᠨ ᠢᠨᠴᠠᠭᠠᠯᠠᠨᠠ ᠃
ᠰᠢᠭᠣᠷᠭᠠᠯᠠᠨ ᠰᠢᠷᠭᠣᠷᠭᠠᠯᠠᠨ ᠪᠠᠢᠵᠤ
ᠵᠠᠮ ᠪᠢᠲᠡᠭᠦᠷᠡᠭᠰᠡᠨ
ᠨᠠᠷᠢᠨ ᠭᠣᠣᠯ ᠳ᠋ᠦ᠍
ᠮᠦᠷᠭᠦᠯᠳᠦᠨ ᠮᠥᠷᠭᠥᠯᠳᠦᠨ ᠪᠠᠢᠵᠤ
ᠦᠬᠡᠷ ᠰᠦᠷᠦᠭ
ᠵᠦᠷᠢᠭᠯᠡᠨ ᠴᠣᠪᠤᠨᠠ ︔
ᠲᠠᠪᠠᠭᠯᠠᠨ ᠲᠠᠪᠠᠭᠯᠠᠨ ᠪᠠᠢᠵᠤ
ᠲᠠᠮᠠᠭᠠ ᠰᠡᠢᠯᠦᠭᠰᠡᠨ
ᠮᠥᠷᠭᠥᠴᠡᠭ ᠤᠨ ᠭᠣᠪᠢ ᠳ᠋ᠦ᠍
ᠲᠣᠯᠢᠨ ᠲᠠᠢᠯᠤᠭ ᠪᠣᠤᠷᠠ ᠲᠠᠢ
ᠲᠡᠮᠡᠭᠡᠨ ᠰᠦᠷᠦᠭ
ᠲᠠᠪᠠᠷᠴᠠᠭᠯᠠᠨ ᠲᠡᠰᠢᠨᠡ ᠃
ᠬᠦᠪᠦᠷᠡᠨ ᠬᠥᠪᠥᠷᠡᠨ ᠪᠠᠢᠵᠤ
ᠡᠭᠦᠯᠡ ᠭᠦᠯᠦᠭᠯᠡᠭᠰᠡᠨ
ᠬᠥᠬᠡ ᠲᠡᠭᠷᠢ
ᠬᠦᠪᠦᠩᠨᠡᠨ ᠭᠦᠪᠦᠩᠨᠡᠨ ᠪᠠᠢᠵᠤ
ᠬᠥᠪᠥᠩ ᠵᠣᠯᠠᠭᠳᠠᠭᠰᠠᠨ
ᠬᠥᠳᠡᠭᠡ ᠲᠠᠯᠠ ︔
ᠰᠠᠨᠠᠨ ᠰᠠᠨᠠᠨ ᠪᠠᠢᠵᠤ
ᠰᠠᠨᠠᠭᠠ ᠬᠣᠷᠭᠣᠳᠠᠭᠰᠠᠨ
ᠬᠥᠷᠥᠰᠥᠲᠦ᠍ ᠳᠡᠯᠡᠬᠡᠢ
ᠰᠠᠷᠠᠪᠴᠢᠯᠠᠨ ᠰᠠᠷᠠᠪᠴᠢᠯᠠᠨ ᠪᠠᠢᠵᠤ
ᠬᠠᠷᠠᠭᠠ ᠲᠡᠯᠡᠭᠰᠡᠨ
ᠲᠡᠬᠡᠳᠦᠰ ᠤᠨ ᠨᠤᠲᠤᠭ ᠃
※ 1 ᠂ ᠨᠠᠳᠠᠳᠤ ᠵᠢ ᠪᠠᠭᠠ ᠪᠠᠢᠬᠤ ᠳ᠋ᠦ᠍ ᠮᠢᠨᠤ ᠨᠤᠲᠤᠭ · ᠦᠵᠡᠰᠭᠦᠯᠡᠩᠲᠦ᠍ ᠰᠠᠢᠬᠠᠨ
ᠨᠤᠲᠤᠭ ᠂ ᠵᠢᠯ ᠦᠨ ᠳᠥᠷᠪᠡᠨ ᠤᠯᠠᠷᠢᠯ ᠲᠡᠭᠰᠢ ᠃
2 ᠂ ︽ ᠬᠣᠩᠬᠢᠯᠳᠣ ᠂ ᠣᠪᠤᠭᠠᠳᠣ ᠂ ᠨᠠᠷᠢᠨ ᠭᠣᠤᠯ ᠂ ᠮᠥᠷᠭᠦᠴᠡᠭ ︾ ᠪᠣᠯ ᠮᠠᠨ ᠤ
ᠣᠪᠣᠭᠠᠳᠣ ᠭᠠᠴᠠᠭᠠ ᠶᠢᠨ ᠭᠠᠵᠠᠷ ᠤᠨ ᠨᠡᠷᠡ ᠃
ᠬᠥᠬᠡᠬᠣᠲᠠ ᠢ᠌᠌ᠨ ᠰᠢᠨᠡ ᠬᠤᠳᠠ ᠲᠣᠭᠣᠷᠢᠭ
2023 ᠂12 ᠂1
5
0