ᠰᠢᠯᠦᠭ ᠢᠶᠡᠨ ᠪᠢᠴᠢᠶ᠎ᠡ
ᠪᠣᠤ ᠵᠢᠨᠵᠣᠸᠠᠨᠭᠽᠢ
ᠰᠠᠨᠰᠠᠷ ᠬᠣᠷᠸ᠎ᠠ ᠠᠮᠢᠲᠠᠨ ᠪᠦᠬᠦᠨ ᠢ ᠪᠦᠪᠡᠢᠯᠡᠭᠡᠳ
ᠰᠠᠷᠠᠨ ᠠᠪᠠᠬᠠᠢ ᠲᠡᠭᠡᠷ᠎ᠡ ᠡᠴᠡ ᠮᠦᠰᠢᠶᠡᠨ ᠲᠠᠭᠠᠯᠠᠨ᠎ᠠ
ᠰᠦᠨᠢ ᠶᠢᠨ ᠣᠳᠤᠨ ᠮᠡᠴᠢᠳ ᠭᠢᠯᠪᠠᠯᠵᠠᠨ ᠭᠢᠯᠠᠯᠵᠠᠭᠠᠳ
ᠰᠠᠨᠠᠭ᠎ᠠ ᠰᠡᠳᠭᠢᠯ ᠢ ᠮᠢᠨᠢ ᠪᠠᠶᠠᠰᠬᠠᠨ ᠲᠣᠭᠳᠣᠯᠤᠭᠣᠯᠣᠨᠠ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠦᠩᠭᠡᠲᠦ ᠲᠡᠯᠡᠬᠡᠢ ᠣᠷᠭᠣᠮᠠᠯ ᠪᠦᠬᠦᠨ ᠢ ᠡᠨᠡᠷᠢᠭᠡᠳ
ᠣᠯᠠᠭᠠᠨ ᠨᠠᠷᠠᠨ ᠲᠡᠭᠡᠷ᠎ᠡ ᠡᠴᠡ ᠦᠨᠦᠰᠦᠨ ᠲᠠᠭᠠᠯᠠᠨ᠎ᠠ
ᠦᠵᠡᠰᠭᠦᠯᠡᠩ ᠭᠣᠸ᠎ᠠ ᠡᠪᠡᠰᠦ ᠴᠡᠴᠡᠭ ᠦᠳ ᠮᠢᠷᠠᠯᠵᠠᠭᠠᠳ
ᠦᠷᠭᠡᠨ ᠲᠠᠯ᠎ᠠ ᠶᠢ ᠮᠢᠨᠢ ᠵᠢᠷᠭᠠᠯ ᠢᠶᠠᠷ ᠪᠢᠯᠬᠠᠭᠣᠯᠤᠨᠠ ᠃
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠪᠦᠷᠬᠦᠭ ᠡᠳᠦᠷ ᠪᠣᠳᠣᠯ ᠪᠣᠯᠵᠣ ᠵᠣᠭᠠᠴᠠᠨ ᠶᠠᠪᠣᠲᠠᠯᠠ
ᠪᠣᠯᠵᠣᠮᠤᠷ ᠰᠢᠪᠠᠭᠣᠳ ᠤᠨ ᠨᠠᠷᠭᠢᠯᠳᠣᠬᠣ ᠰᠠᠢᠬᠠᠨ
ᠪᠣᠷᠤ ᠡᠭᠦᠯᠡ ᠠᠷᠢᠯᠵᠣ ᠴᠠᠭᠠᠨ ᠮᠠᠨᠠᠨ ᠠᠯᠳᠠᠷᠠᠬᠣ ᠳᠤ
ᠪᠣᠷᠣᠭᠵᠢᠭᠤᠨ ᠬᠡᠣᠬᠡᠨ ᠦ ᠬᠣᠨᠢ ᠲᠠᠭᠠᠬᠣ ᠰᠠᠢᠬᠠᠨ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠣᠢ ᠶᠢᠨ ᠲᠡᠷᠳᠡᠭᠡ ᠡᠴᠡ ᠦᠩᠭᠡᠲᠦ ᠰᠣᠯᠣᠩᠭ᠎ᠠ ᠲᠠᠲᠠᠭᠠᠳ
ᠠᠭᠣᠯᠠ ᠬᠠᠳᠠ ᠣᠰᠤ ᠮᠦᠷᠡᠨ ᠢ ᠮᠦᠰᠢᠶᠡᠯᠭᠡᠬᠦ ᠨᠢ ᠴᠡᠩᠭᠡᠯ
ᠬᠠᠷᠠᠰᠠᠯ ᠬᠠᠷᠠᠮᠰᠠᠯ ᠢᠶᠠᠨ ᠪᠣᠳᠣᠯ ᠤᠨ ᠭᠦᠨ ᠳᠦ ᠪᠡᠨ ᠲᠠᠷᠣᠴᠢᠬᠠᠭᠠᠳ
ᠬᠠᠷᠠᠨᠲᠠ ᠪᠠᠨ ᠪᠠᠷᠢᠵᠣ ᠪᠣᠳᠣᠯ ᠪᠣᠯᠵᠣ ᠪᠢᠴᠢᠵᠣ ᠰᠠᠭᠣᠬᠤ ᠨᠢ ᠵᠢᠷᠭᠠᠯ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠠᠮᠠᠷᠠᠯᠲᠠ ᠳᠤ ᠠᠠᠵᠢᠯ ᠬᠦᠳᠡᠯᠮᠦᠷᠢ ᠳᠦ ᠣᠷᠣᠯᠴᠠᠭᠠᠳ
ᠠᠷᠤᠨ ᠤ ᠬᠦᠯᠦᠰᠦ ᠲᠡᠪᠡᠯ ᠢ ᠲᠡᠪᠲᠦᠭᠡᠬᠦ ᠨᠢ ᠴᠡᠩᠭᠡᠯ
ᠠᠳᠬᠤᠨ ᠪᠢᠷ ᠢᠶᠡᠨ ᠬᠣᠷᠣᠢᠯᠠᠵᠣ ᠪᠢᠯᠢᠭ ᠢᠶᠡᠨ ᠰᠢᠪᠬᠠᠭᠠᠳ
ᠠᠣᠭ᠎ᠠ ᠪᠦᠲᠦᠭᠡᠯ ︱ ᠰᠢᠯᠦᠭ ᠨᠠᠢᠷᠠᠭᠣᠯᠬᠤ ᠨᠢ ᠵᠢᠷᠭᠠᠯ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠬᠦᠢᠳᠡᠨ ᠢ ᠵᠦᠰᠦᠨ ᠠᠯᠣᠰ ᠢ ᠵᠣᠷᠢᠨ ᠬᠣᠷᠴᠠᠯᠠᠨ ᠠᠯᠬᠣᠯᠠᠭᠰᠠᠭᠠᠷ
ᠬᠣᠷᠸ᠎ᠠ ᠶᠢᠨ ᠦᠵᠡᠮᠵᠢ ᠳᠦ ᠨᠢᠳᠦ ᠲᠣᠭᠳᠠᠨ ᠮᠡᠯᠡᠷᠡᠬᠦ ᠨᠢ ᠴᠡᠩᠭᠡᠯ
ᠬᠠᠭᠣᠴᠢᠨ ᠲᠣᠣᠯᠢ ᠶᠢᠨ ᠬᠠᠭᠣᠳᠠᠰᠣ ᠶᠢ ᠭᠠᠷ ᠤᠨ ᠠᠶ᠎ᠠ ᠪᠠᠷ ᠰᠡᠭᠦᠭᠡᠳ
ᠬᠣᠶᠠᠷᠬᠠᠨ ᠮᠢᠨᠦᠲ ᠴᠣ ᠰᠣᠳᠤᠯᠵᠣ ᠰᠣᠷᠤᠯᠴᠠᠬᠤ ᠨᠢ ᠮᠢᠨᠣ ᠵᠢᠷᠭᠠᠯ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠵᠢᠷᠣᠭ ᠰᠢᠬ ᠵᠢᠷᠢᠯᠵᠡᠨ ᠦᠩᠭᠡᠷᠡᠬᠦ ᠣᠨ ᠵᠠᠭᠣᠨ ᠤ ᠠᠯᠬᠣᠭ᠎ᠠ
ᠵᠣᠷᠢᠭ ᠬᠦᠰᠡᠯ ᠳᠦ ᠮᠢᠨᠢ ᠣᠬᠠᠭᠠᠨ ᠮᠡᠳᠡᠯ ᠨᠡᠮᠡᠵᠦ ᠯᠠ ᠪᠠᠢᠨ᠎ᠠ
ᠵᠢᠷᠭᠠᠯᠠᠩᠲᠦ ᠦᠷᠦᠭᠡ ᠳᠦ ᠬᠦᠭᠡᠷᠦᠬᠦᠨ ᠲᠠᠭᠣᠨ ᠴᠣᠤᠷᠢᠶᠠᠯᠠᠭᠠᠳ
ᠵᠢᠷᠦᠬᠡ ᠰᠡᠳᠭᠢᠯ ᠳᠦ ᠮᠢᠨᠢ ᠰᠢᠯᠦᠭ ᠭᠡᠭᠡ ᠰᠠᠴᠣᠷᠠᠵᠣ ᠯᠠ ᠪᠠᠢᠨ᠎ᠠ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠬᠦᠮᠦᠨ ᠪᠦᠬᠦᠨ ᠦ ᠮᠡᠯᠮᠡᠯᠵᠡᠭᠦᠯᠬᠦ ᠲᠠᠯᠠᠷᠬᠠᠯ ᠤᠨ ᠬᠠᠯᠠᠭᠣᠬᠠᠨ ᠨᠢᠯᠪᠣᠰᠣ
ᠬᠦᠷᠦᠰᠦᠳᠦ ᠲᠡᠯᠡᠬᠡᠢ ᠶᠢᠨ ᠠᠮᠣᠷ ᠰᠠᠢᠬᠠᠨ ᠢ ᠣᠭᠳᠣᠬᠣ ᠰᠠᠢᠬᠠᠨ
ᠬᠠᠷᠢ ᠳᠤ ᠮᠣᠷᠳᠠᠭᠰᠠᠨ ᠬᠡᠣᠬᠡᠨ ᠡᠬᠡ ᠪᠡᠨ ᠰᠠᠨᠠᠭᠠᠳ ᠣᠬᠠᠭᠠᠷᠠᠬᠣ ᠳᠤ
ᠬᠦᠮᠦᠬᠡᠢ ᠴᠡᠴᠡᠭ ᠬᠣᠷᠤᠮᠬᠠᠨ ᠭᠣᠶᠤᠮᠰᠤᠭ ᠪᠤᠯᠵᠤ ᠬᠠᠷᠠᠭᠳᠠᠬᠤ ᠰᠠᠢᠬᠠᠨ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠠᠯᠣᠰ ᠤᠨ ᠬᠦᠰᠡᠯ ᠳᠦ ᠪᠡᠨ ᠰᠣᠭᠲᠣᠭᠤᠷᠠᠵᠤ ᠶᠠᠪᠣᠬᠣ ᠨᠢ ᠮᠢᠨᠣ ᠵᠢᠷᠭᠠᠯ
ᠠᠵᠢᠯ ᠦᠢᠯᠡᠰ ᠲᠦ ᠪᠡᠨ ᠠᠮᠵᠢᠯᠲᠠ ᠭᠠᠷᠭᠠᠬᠣ ᠨᠢ ᠮᠢᠨᠣ ᠵᠢᠷᠭᠠᠯ
ᠠᠳᠬᠤᠨ ᠪᠢᠷ ᠢᠶᠡᠨ ᠬᠣᠷᠣᠢᠯᠠᠵᠣ ᠶᠠᠪᠣᠬᠣ ᠨᠢ ᠮᠢᠨᠣ ᠵᠢᠷᠭᠠᠯ
ᠠᠯᠲᠠᠨ ᠲᠡᠯᠡᠬᠡᠢ ᠳᠦ ᠰᠢᠯᠦᠭ ᠪᠢᠴᠢᠵᠣ ᠠᠮᠢᠳᠣᠷᠠᠬᠣ ᠨᠢ ᠮᠢᠨᠣ ᠵᠢᠷᠭᠠᠯ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠰᠠᠨᠰᠠᠷ ᠬᠣᠷᠸ᠎ᠠ ᠠᠮᠢᠲᠠᠨ ᠪᠦᠬᠦᠨ ᠢ ᠪᠦᠪᠡᠢᠯᠡᠭᠡᠳ
ᠰᠠᠷᠠᠨ ᠠᠪᠠᠬᠠᠢ ᠲᠡᠭᠡᠷ᠎ᠡ ᠡᠴᠡ ᠮᠦᠰᠢᠶᠡᠨ ᠲᠠᠭᠠᠯᠠᠨ᠎ᠠ
ᠰᠦᠨᠢ ᠶᠢᠨ ᠣᠳᠤᠨ ᠮᠡᠴᠢᠳ ᠭᠢᠪᠠᠯᠵᠠᠨ ᠭᠢᠯᠠᠯᠵᠠᠭᠠᠳ
ᠰᠠᠨᠠᠭ᠎ᠠ ᠰᠡᠳᠭᠢᠯ ᠢ ᠮᠢᠨᠢ ᠪᠠᠶᠠᠰᠬᠠᠨ ᠲᠣᠭᠳᠣᠯᠤᠭᠣᠯᠣᠨᠠ
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
ᠦᠩᠭᠡᠲᠦ ᠲᠡᠯᠡᠬᠡᠢ ᠣᠷᠭᠣᠮᠠᠯ ᠪᠦᠬᠦᠨ ᠢ ᠡᠨᠡᠷᠢᠭᠡᠳ
ᠣᠯᠠᠭᠠᠨ ᠨᠠᠷᠠᠨ ᠲᠡᠭᠡᠷ᠎ᠡ ᠡᠴᠡ ᠦᠨᠦᠰᠦᠨ ᠲᠠᠭᠠᠯᠠᠨ᠎ᠠ
ᠦᠵᠡᠰᠭᠦᠯᠡᠩ ᠭᠣᠸ᠎ᠠ ᠡᠪᠡᠰᠦ ᠴᠡᠴᠡᠭ ᠦᠳ ᠮᠢᠷᠠᠯᠵᠠᠭᠠᠳ
ᠦᠷᠭᠡᠨ ᠲᠠᠯ᠎ᠠ ᠶᠢ ᠮᠢᠨᠢ ᠵᠢᠷᠭᠠᠯ ᠢᠶᠠᠷ ᠪᠢᠯᠬᠠᠭᠣᠯᠤᠨᠠ ᠃
ᠰᠢᠯᠦᠭ ᠢᠶᠡᠨ ᠪᠢᠴᠢᠶ᠎ᠡ ︕ ᠰᠢᠯᠦᠭ ᠢᠶᠡᠨ ᠪᠢᠴᠢᠶ᠎ᠡ ︕
7 0