ᠨᠠᠮᠤᠷ ︱ ᠪ᠂ ᠷᠢᠨᠴᠢᠨ
ᠵᠣ ᠶᠢᠨ ᠵᠡᠭᠡᠷᠡ ᠱᠢᠷᠭᠠᠯ ᠱᠢᠷᠭᠠᠯᠲᠤᠨ ᠲᠠᠭᠱᠢᠮᠠᠷ ᠶᠤᠮ᠂ ᠲᠠᠩᠨᠠᠢ ᠶᠢᠨ ᠵᠠᠪᠰᠠᠷ ᠬᠠᠳᠭᠤᠭᠠ ᠵᠡᠭᠦᠣ ᠱᠠᠩᠨᠠᠰᠣ ᠲᠠᠢ᠃
3050
2022-08-12 15:25
发表于:内蒙古
ᠨᠠᠮᠤᠷ
︱ ᠪ᠂ ᠷᠢᠨᠴᠢᠨ
ᠨᠠᠮᠤᠷ ᠤᠨ ᠲᠠᠯᠠ
ᠨᠠᠢᠭᠤᠭᠰᠠᠨ ᠬᠠᠳᠤᠯᠠᠩ
ᠪᠠᠢᠮᠠᠷ ᠶᠤᠮ᠂
ᠨᠠᠷᠢᠨ ᠮᠣᠳᠣᠨᠠ
ᠸᠢᠷᠦ᠋ᠰ ᠰᠠᠷᠬᠡᠢᠯᠡ
ᠡᠯᠭᠦᠭᠡᠰᠦ ᠲᠠᠢ᠃
ᠡᠪᠦᠭᠡᠳ ᠤᠨ ᠠᠭᠤᠯᠠ
ᠨᠣᠭᠣᠭᠠᠨ ᠬᠣᠷᠮᠣᠢ
ᠬᠠᠷᠠᠭᠳᠠᠮᠠᠷ ᠶᠤᠮ᠂
ᠥᠨᠳᠥᠷ ᠠᠰᠠᠷ
ᠥᠨᠳᠥᠷ ᠬᠠᠯᠠᠭᠤᠨ ᠤ
ᠡᠭᠦᠳᠡᠨ ᠡᠮᠨᠡᠯᠬᠡ ᠲᠠᠢ᠃
ᠨᠠᠮᠤᠭ ᠤᠨ ᠬᠥᠨᠳᠡᠢ
ᠨᠠᠷᠠᠰᠣᠨ ᠭᠣᠣᠯ
ᠭᠤᠷᠴᠢᠭᠢᠨᠠᠮᠠᠷ ᠶᠤᠮ᠂
ᠵᠠᠮ ᠤᠨ ᠥᠷᠲᠡᠭᠡ
ᠬᠣᠲᠠ ᠬᠥᠳᠡᠭᠡ
ᠬᠥᠯ ᠬᠣᠷᠢᠭᠠ ᠲᠠᠢ᠃
ᠨᠠᠭᠤᠷ ᠤᠨ ᠲᠣᠮᠣᠭ
ᠠᠩ ᠤᠨ ᠭᠠᠨᠵᠤᠭᠠ
ᠮᠢᠯᠢᠶᠠᠮᠠᠷ ᠶᠤᠮ᠂
ᠬᠠᠷᠢᠨ ᠬᠡᠵᠢᠶᠡ
ᠬᠡᠨ ᠳ᠋ᠦ᠍ ᠮᠠᠭᠠᠳ
ᠬᠢᠵᠢᠭ ᠬᠠᠯᠳᠠᠪᠤᠷᠢ ᠲᠠᠢ᠃
ᠵᠣ ᠶᠢᠨ ᠵᠡᠭᠡᠷᠡ
ᠱᠢᠷᠭᠠᠯ ᠱᠢᠷᠭᠠᠯᠲᠤᠨ
ᠲᠠᠭᠱᠢᠮᠠᠷ ᠶᠤᠮ᠂
ᠬᠠᠯᠳᠣᠰᠭᠢᠪᠡᠯ︕ ᠬᠠᠮᠠᠷ
ᠲᠠᠩᠨᠠᠢ ᠶᠢᠨ ᠵᠠᠪᠰᠠᠷ
ᠬᠠᠳᠭᠤᠭᠠ ᠵᠡᠭᠦᠣ
ᠱᠠᠩᠨᠠᠰᠣ ᠲᠠᠢ᠃
ᠨᠠᠷᠠᠯᠠᠭ ᠬᠣᠷᠸᠠ
ᠲᠣᠳᠣᠯᠠᠭᠰᠠᠨ ᠡᠪᠡᠳᠴᠢᠳᠡᠨ
ᠲᠦᠭᠵᠢᠶᠡ ᠲᠠᠢ᠂
ᠨᠠᠢ᠍ᠮᠠᠨ ᠵᠦᠭ
ᠨᠢᠭᠲᠠ ᠣᠢᠷᠠᠲᠤᠭᠰᠠᠳ
ᠴᠢᠭᠳᠠᠭᠠᠰᠣ ᠲᠠᠢ᠃
2022.8.11 ᠨᠠᠮᠤᠷ᠃
21
0